| ᠢᠯᠠᠭᠠᠵᠤ ᠭᠠᠷᠭᠠᠬᠤ ᠠᠷᠭ᠎ᠠ᠄ ᠡᠰᠢ ᠰᠦᠷᠠᠯ᠂ ᠮᠦᠬᠦᠯᠢᠭᠳᠦ ᠪᠤᠷᠳᠤᠭ᠎ᠠ ᠸᠠᠯᠠᠪᠠᠯ ᠸᠠᠯᠠᠭᠰᠠᠨ ᠭᠡᠰᠡᠭ ᠢ | ᠨᠢᠰᠢᠭᠤᠳ ᠢᠯᠭᠠᠵᠤ ᠴᠡᠪᠡᠷᠯᠡᠵᠤ ᠭᠠᠷᠭᠠᠪᠠᠯ ᠪᠤᠯᠴᠢᠬᠠᠨ᠎ᠠ᠃ ᠤᠰᠤ ᠪᠠᠷ ᠤᠬᠢᠶᠠᠬᠤ ᠠᠷᠭ᠎ᠠ᠄ ᠦᠷ᠎ᠠ ᠶᠢᠨ | ᠲᠦᠷᠦᠯ ᠤᠨ ᠪᠤᠷᠳᠤᠭ᠎ᠠ ᠸᠠᠯᠠᠪᠠᠯ ᠤᠷᠢᠳᠠᠪᠠᠷ ᠸᠠᠯᠠᠭᠰᠠᠨ ᠪᠤᠷᠳᠤᠭ᠎ᠠ ᠶᠢ ᠭᠡᠮᠭᠡᠯᠡᠵᠤ᠂ ᠭᠠᠨᠭ᠌ ᠲᠤᠳᠤᠷ᠎ᠠ ᠬᠢᠵᠤ | 3~4 ᠲᠠᠬᠢᠨ ᠤᠰᠤ ᠨᠡᠮᠡᠵᠤ ᠵᠢᠭᠳᠡ ᠵᠢᠭᠤᠷᠠᠨ᠎ᠠ᠂ ᠲᠠᠷᠠᠭ᠎ᠠ ᠨᠢ ᠡᠳᠤᠷ ᠪᠦᠷᠢ ᠤᠰᠤ ᠰᠤᠯᠢᠵᠤ ᠬᠤᠶᠠᠷ ᠤᠳᠠᠭ᠎ᠠ | ᠵᠢᠭᠤᠷᠠᠨ᠂ ᠲᠡᠪᠡᠳᠤᠭᠡᠭᠰᠡᠨ ᠤᠰᠤ ᠨᠢ ᠰᠢᠷ᠎ᠠ ᠬᠦᠷᠡᠩ ᠦᠡᠭᠭᠡ ᠠᠴᠠ ᠪᠠᠨ ᠦᠡᠭᠭᠡ ᠦᠭᠡᠢ ᠪᠤᠯᠪᠠᠯ ᠪᠤᠯᠴᠢᠬᠠᠨ᠎ᠠ᠃ | | ᠬᠠᠳᠠᠭᠠᠬᠤ ᠠᠷᠭ᠎ᠠ᠄ ᠭᠤᠤᠯᠳᠠᠭᠤ ᠶᠡᠭᠡ ᠭᠡᠮᠵᠢᠶᠠᠨ ᠤ ᠡᠰᠢ ᠰᠦᠷᠡᠯ ᠤᠨ ᠪᠤᠷᠳᠤᠭ᠎ᠠ ᠳᠤ ᠭᠡᠷᠡᠭᠯᠡᠨ᠎ᠡ᠃ | ᠠᠷᠭ᠎ᠠ ᠨᠢ᠂ ᠸᠠᠯᠠᠭᠰᠠᠨ ᠪᠤᠷᠳᠤᠭ᠎ᠠ ᠶᠢ ᠤᠷᠢᠳᠠᠪᠠᠷ ᠨᠠᠷᠠᠨ ᠤ ᠲᠤᠤᠷ᠎ᠠ ᠬᠠᠳᠠᠭᠠᠵᠤ ᠬᠠᠭᠰᠠᠭᠠᠭᠰᠠᠨ ᠤ ᠰᠡᠬᠦᠯᠡᠷ | ᠰᠠᠯᠬᠢ ᠨᠡᠪᠳᠡᠷᠡᠬᠦᠯᠵᠤ ᠰᠡᠭᠰᠤᠷᠴᠤ ᠬᠦᠭᠡᠴᠤ ᠶᠢ ᠨᠢ ᠠᠷᠢᠯᠭᠠᠨ᠎ᠠ᠃ | ᠬᠠᠯᠠᠭᠠᠬᠤ ᠠᠷᠭ᠎ᠠ᠄ ᠰᠢᠭᠠᠷᠤ ᠭᠡᠮᠭᠡᠷᠭᠡᠢ ᠶᠢᠨ ᠲᠦᠷᠦᠯ ᠤᠨ ᠲᠦᠬᠦᠭᠡᠢ ᠮᠠᠲ᠋ᠧᠷᠢᠶᠠᠯ ᠢ 150 ᠭᠷᠡᠳᠦ᠋ᠰ ᠤᠨ | ᠬᠠᠯᠠᠭᠤᠨ ᠤ ᠲᠤᠳᠤᠷ᠎ᠠ 30 ᠮᠢᠨᠦ᠋ᠲ ᠬᠠᠯᠠᠭᠠᠬᠤ ᠪᠤᠶᠤ ᠪᠢᠴᠢᠯ ᠲᠤᠯᠬᠢᠶᠠᠨᠳᠤ ᠵᠤᠤᠬ᠎ᠠ ᠪᠠᠷ 8 ~9 ᠮᠢᠨᠦ᠋ᠲ | ᠬᠠᠯᠠᠭᠠᠪᠠᠯ ᠲᠡᠬᠦᠨ ᠤ ᠲᠤᠳᠤᠷᠠᠬᠢ ᠬᠤᠸᠠᠩ ᠴᠢᠤᠢ ᠮᠸᠢ ᠰᠦ᠋ ᠶᠢᠨ 48% ~61% ᠶᠢ ᠡᠪᠡᠳᠡᠵᠤ ᠲᠡᠶᠢᠯᠦᠨ᠎ᠡ᠃ | | ᠰᠤᠷᠤᠬᠤ ᠠᠷᠭ᠎ᠠ᠄ ᠨᠠᠩᠭᠢ ᠰᠢᠷᠤᠢ ᠪᠠ ᠪᠤᠴᠠᠯᠭᠠᠭᠤᠷ ᠴᠢᠯᠠᠭᠤ ︵ᠲᠡᠬᠦᠨ ᠤ ᠭᠤᠤᠯ ᠪᠦᠷᠢᠯᠳᠤᠬᠦᠨ ᠨᠢ | ᠴᠠᠬᠢᠭᠤᠷᠳᠤ ᠬᠦᠡᠭᠭᠡᠨ ᠴᠠᠭᠠᠨ ᠤ ᠲᠠᠪᠤᠰᠤ ᠪᠤᠯᠤᠨ᠎ᠠ︶ ᠨᠢ ᠭᠡᠷ ᠤᠨ ᠲᠡᠵᠢᠭᠡᠪᠤᠷᠢ ᠶᠢᠨ ᠦᠰᠦᠯᠳᠡ ᠪᠤᠶᠢᠵᠢᠯᠳᠠ ᠶᠢ | ᠠᠬᠢᠭᠤᠯᠬᠤ ᠮᠦᠷᠳᠡᠭᠡᠨ ᠪᠠᠰᠠ ᠲᠤᠩ ᠴᠢᠩᠭ᠎ᠠ ᠰᠤᠷᠤᠬᠤ ᠦᠢᠯᠡᠳᠤᠯ ᠲᠠᠢ ᠪᠠᠶᠢᠳᠠᠭ᠃ ᠪᠤᠷᠳᠤᠭ᠎ᠠ ᠲᠤᠳᠤᠷ᠎ᠠ 0. | 5% ᠶᠢᠨ ᠨᠠᠩᠭᠢ ᠰᠢᠷᠤᠢ ᠪᠤᠯᠤᠨ ᠪᠤᠴᠠᠯᠭᠠᠭᠤᠷ ᠴᠢᠯᠠᠭᠤ ᠶᠢ ᠨᠡᠮᠡᠵᠤ᠂ ᠪᠤᠷᠳᠤᠭ᠎ᠠ ᠳᠠᠬᠢ ᠬᠦᠭᠡᠴᠤ ᠶᠢᠨ | ᠬᠤᠤᠷᠠᠳᠤ ᠡᠳ᠋ ᠢ ᠰᠤᠷᠤᠵᠤ ᠭᠠᠷᠭᠠᠨ᠎ᠠ᠃ | |