5 ᠰᠠᠷ᠎ᠠ ᠶᠢᠨ 24 ᠤ ᠦᠳᠡ ᠶᠢᠨ ᠬᠤᠶᠢᠨ᠎ᠠ᠂ ᠠᠷᠪᠠᠨ ᠭᠤᠷᠪᠠᠳᠤᠭᠠᠷ ᠬᠤᠭᠤᠴᠠᠭᠠᠨ ᠤ ᠪᠦᠭᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠤᠨ ᠦᠪᠤᠷ | ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠰᠠᠭᠤᠭ᠎ᠠ ᠭᠠᠵᠠᠷ ᠲᠠᠭᠠᠨ ᠳᠤᠭᠤᠶᠢᠯᠠᠩ ᠬᠤᠪᠢᠶᠠᠬᠰᠠᠨ ᠬᠤᠷᠠᠯ | ᠬᠢᠵᠦ᠂ ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠢᠷᠭᠡᠨ ᠤ ᠬᠠᠤᠯᠢ ᠶᠢᠨ ᠪᠢᠴᠢᠭ ︵ᠲᠦᠰᠦᠯ︶︾ | ᠢ ᠬᠢᠨᠠᠨ ᠵᠦᠪᠯᠡᠪᠡ᠃ | ᠦᠪᠤᠷ ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠤᠨ ᠲᠠᠷᠤᠭ᠎ᠠ ᠱᠢ ᠲᠠᠢ ᠹᠸᠡᠭ᠂ | ᠪᠦᠯᠭᠦᠮ ᠤᠨ ᠲᠡᠳ᠋ ᠲᠠᠷᠤᠭ᠎ᠠ ᠪᠦ᠋ ᠰᠢᠶᠤᠤ ᠯᠢᠨ᠂ ᠯᠢ ᠰᠢᠤ ᠯᠢᠩ ᠦᠭᠡ ᠬᠡᠯᠡᠵᠠᠢ᠃ ᠪᠦᠯᠭᠦᠮ ᠤᠨ ᠲᠡᠳ᠋ ᠲᠠᠷᠤᠭ᠎ᠠ | ᠯᠢᠤ ᠴᠢ ᠹᠠᠨ ᠳᠤᠭᠤᠶᠢᠯᠠᠩ ᠬᠤᠪᠢᠶᠠᠬᠰᠠᠨ ᠬᠤᠷᠠᠯ ᠢ ᠡᠷᠭᠢᠯᠡᠭᠦ ᠶᠢᠨ ᠬᠠᠮᠳᠤ ᠦᠭᠡ ᠬᠡᠯᠡᠵᠦ᠂ ᠪᠦᠯᠭᠦᠮ ᠤᠨ ᠲᠡᠳ᠋ | ᠲᠠᠷᠤᠭ᠎ᠠ ᠸᠠᠩ ᠪᠦᠸᠧ ᠳᠤᠭᠤᠶᠢᠯᠠᠩ ᠬᠤᠪᠢᠶᠠᠬᠰᠠᠨ ᠬᠤᠷᠠᠯ ᠢ ᠡᠷᠬᠢᠯᠡᠪᠡ᠃ ᠶᠡᠭᠡ ᠬᠤᠷᠠᠯ ᠤᠨ ᠬᠠᠤᠯᠢ ᠶᠢᠨ | ᠲᠦᠰᠦᠯ ᠤᠨ ᠳᠤᠭᠤᠶᠢᠯᠠᠩ ᠤᠨ ᠬᠠᠮᠢᠶ᠎ᠠ ᠪᠦᠭᠦᠢ ᠨᠦᠭᠦᠳ ᠬᠤᠷᠠᠯ ᠳᠤ ᠤᠷᠤᠯᠴᠠᠨ ᠰᠠᠨᠠᠯ ᠰᠤᠨᠤᠰᠪᠠ᠃ | ᠱᠢ ᠲᠠᠢ ᠹᠸᠡᠭ᠂ ᠶᠡᠭᠡ ᠬᠤᠷᠠᠯ ᠳᠤ ᠲᠡᠪᠰᠢᠭᠦᠯᠵᠤ ᠬᠢᠨᠠᠨ ᠵᠦᠪᠯᠡᠭᠦᠯᠦᠭᠰᠡᠨ ᠢᠷᠭᠡᠨ ᠤ | ᠬᠠᠤᠯᠢ ᠶᠢᠨ ᠪᠢᠴᠢᠭ ᠤᠨ ᠲᠦᠰᠦᠯ ᠨᠢ ᠰᠢ ᠶᠢᠨ ᠫᠢᠩ ᠤᠨ ᠰᠢᠨ᠎ᠠ ᠴᠠᠬ ᠦᠶ᠎ᠠ ᠶᠢᠨ ᠲᠤᠮᠳᠠᠳᠤ ᠤᠯᠤᠰ ᠤᠨ | ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ ᠲᠤᠮᠳᠠᠳᠤ ᠤᠯᠤᠰ ᠤᠨ | ᠤᠨᠴᠠᠯᠢᠭ ᠲᠠᠢ ᠨᠡᠶᠢᠭᠡᠮ ᠵᠢᠷᠤᠮ ᠤᠨ ᠬᠠᠤᠯᠢᠵᠢᠯ ᠤᠨ ᠤᠨᠤᠯ ᠪᠤᠯᠤᠨ ᠨᠠᠮ ᠤᠨ ᠲᠦᠪ ᠬᠤᠷᠢᠶᠠᠨ ᠤ ᠪᠦᠭᠦ | ᠲᠠᠯ᠎ᠠ ᠪᠠᠷ ᠬᠠᠤᠯᠢ ᠪᠠᠷ ᠤᠯᠤᠰ ᠢᠶᠠᠨ ᠵᠠᠰᠠᠬᠤ ᠰᠢᠢᠳᠪᠤᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠪᠦᠭᠦ ᠲᠠᠯ᠎ᠠ ᠪᠠᠷ | ᠳᠣᠣᠱᠯᠠᠭᠤᠯᠵᠦ᠂ ᠦᠨᠳᠤᠰᠤᠨ ᠬᠠᠤᠯᠢ ᠶᠢᠨ ᠵᠤᠷᠢᠭ ᠰᠠᠨᠠᠭ᠎ᠠ ᠶᠢ ᠭᠦᠢᠴᠡᠳ ᠢᠯᠡᠷᠡᠭᠦᠯᠵᠦ᠂ ᠲᠤᠮᠳᠠᠳᠤ ᠤᠯᠤᠰ ᠤᠨ | ᠤᠨᠴᠠᠯᠢᠭ ᠲᠠᠢ᠂ ᠴᠠᠬ ᠦᠶ᠎ᠠ ᠶᠢᠨ ᠤᠨᠴᠠᠯᠢᠭ ᠢ ᠢᠯᠡᠷᠡᠭᠦᠯᠦᠭᠰᠡᠨ᠂ ᠠᠷᠠᠳ ᠲᠦᠮᠡᠨ ᠤ ᠬᠦᠰᠡᠯ ᠪᠤᠳᠤᠯ ᠢ | ᠲᠤᠰᠬᠠᠬᠰᠠᠨ ᠰᠠᠶᠢᠨ ᠬᠠᠤᠯᠢ ᠶᠢᠨ ᠪᠢᠴᠢᠭ ᠪᠣᠯᠵᠠᠢ᠂ ᠪᠠᠶᠢᠭᠤᠯᠤᠯ ᠤᠨ ᠢᠳᠡᠭᠡᠯ ᠢ ᠢᠯᠡᠷᠡᠭᠦᠯᠬᠦ᠂ ᠪᠦᠭᠦ ᠤᠯᠤᠰ ᠤᠨ | ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠢᠶᠠᠨ ᠪᠡᠶᠡᠯᠡᠭᠦᠯᠭᠦ ᠶᠢ ᠪᠠᠳᠤᠯᠠᠬᠤ ᠰᠠᠶᠢᠨ ᠬᠠᠤᠯᠢ ᠶᠢᠨ | ᠪᠢᠴᠢᠭ ᠪᠣᠯᠵᠠᠢ᠃ ᠢᠷᠭᠡᠨ ᠤ ᠬᠠᠤᠯᠢ ᠶᠢᠨ ᠪᠢᠴᠢᠭ ᠢ ᠨᠠᠶᠢᠷᠠᠭᠤᠯᠤᠨ ᠲᠤᠭᠤᠷᠪᠢᠵᠤ ᠲᠠᠭᠤᠰᠬᠠᠬᠰᠠᠨ ᠨᠢ ᠮᠠᠨ ᠤ | ᠤᠯᠤᠰ ᠤᠨ ᠢᠷᠭᠡᠨ ᠤ ᠬᠡᠷᠡᠭ ᠤᠨ ᠬᠠᠤᠯᠢ ᠴᠠᠭᠠᠵᠠ ᠶᠢᠨ ᠳᠣᠭᠳᠠᠯᠴᠠᠭ᠎ᠠ ᠪᠤᠯᠪᠠᠰᠤᠷᠠᠨ ᠲᠡᠭᠦᠯᠳᠡᠷᠵᠢᠭᠰᠡᠨ ᠤ ᠪᠡᠯᠭᠡ | ᠳᠡᠮᠳᠡᠭ ᠪᠣᠯᠣᠨ᠎ᠠ᠂ ᠲᠡᠷᠡ ᠨᠢ ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠬᠠᠤᠯᠢᠵᠢᠯ ᠤᠨ | ᠳᠣᠭᠳᠠᠯᠴᠠᠭ᠎ᠠ ᠶᠢᠨ ᠪᠠᠶᠢᠭᠤᠯᠤᠯᠳᠠ ᠳᠤ ᠰᠠᠭᠤᠷᠢ ᠴᠢᠨᠠᠷᠳᠠᠢ ᠲᠦᠷᠢᠮ ᠬᠠᠨᠭ᠍ᠭᠠᠵᠦ᠂ ᠨᠡᠶᠢᠭᠡᠮ ᠵᠢᠷᠤᠮ ᠤᠨ | ᠬᠠᠤᠯᠢᠵᠢᠯ ᠤᠨ ᠤᠯᠤᠰ ᠢ ᠪᠦᠳᠦᠬᠡᠨ ᠪᠠᠶᠢᠭᠤᠯᠬᠤ ᠳᠤ ᠴᠢᠬᠤᠯᠠ ᠬᠦᠰᠢᠶ᠎ᠠ ᠲᠤᠷᠠᠰᠬᠠᠯ ᠤᠨ ᠠᠴᠢ ᠬᠤᠯᠪᠤᠬᠳᠠᠯ ᠲᠠᠢ | ᠶᠤᠮ᠃ ᠢᠷᠭᠡᠨ ᠤ ᠬᠠᠤᠯᠢ ᠶᠢᠨ ᠪᠢᠴᠢᠭ ᠤᠨ ᠲᠦᠰᠦᠯ ᠳᠤ ᠠᠷᠠᠳ ᠲᠦᠮᠡᠨ ᠢᠶᠠᠷ ᠭᠤᠤᠯ ᠪᠤᠯᠭᠠᠬᠤ | ᠬᠦᠭᠵᠢᠯᠳᠠ ᠶᠢᠨ ᠦᠵᠡᠯ ᠰᠠᠨᠠᠭ᠎ᠠ ᠶᠢ ᠪᠠᠷᠢᠮᠳᠠᠯᠠᠵᠦ᠂ ᠢᠷᠭᠡᠨ ᠤ ᠬᠡᠷᠡᠭ ᠤᠨ ᠡᠷᠭᠡ ᠶᠢ ᠬᠠᠮᠠᠭᠠᠯᠠᠬᠤ ᠶᠢ ᠵᠤᠷᠢᠯᠳᠠ | ᠪᠠ ᠲᠤᠰᠤᠯᠳᠠ ᠪᠠᠨ ᠪᠤᠯᠭᠠᠨ᠂ ᠠᠷᠠᠳ ᠲᠦᠮᠡᠨ ᠤ ᠡᠳᠦᠷ ᠢᠷᠡᠭᠦᠶ᠎ᠠ ᠨᠡᠮᠡᠭᠳᠡᠵᠦ ᠪᠠᠶᠢᠭ᠎ᠠ ᠰᠠᠶᠢᠨ ᠰᠠᠶᠢᠬᠠᠨ | ᠠᠮᠢᠳᠤᠷᠠᠯ ᠤᠨ ᠬᠡᠷᠡᠭᠴᠡᠭᠡ ᠶᠢ ᠨᠡᠩ ᠰᠠᠶᠢᠳᠤᠷ ᠬᠠᠨᠭ᠍ᠭᠠᠵᠦ᠂ ᠮᠠᠨ ᠤ ᠤᠯᠤᠰ ᠤᠨ ᠢᠷᠭᠡᠨ ᠤ ᠬᠡᠷᠡᠭ ᠤᠨ ᠡᠷᠭᠡ ᠶᠢᠨ | ᠬᠠᠮᠠᠭᠠᠯᠠᠯᠳᠠ ᠶᠢ ᠰᠢᠨ᠎ᠠ ᠳᠡᠭᠳᠡᠷ ᠲᠤ ᠭᠠᠷᠭᠠᠪᠠ᠃ ᠢᠷᠭᠡᠨ ᠤ ᠬᠠᠤᠯᠢ ᠶᠢᠨ ᠪᠢᠴᠢᠭ ᠤᠨ ᠲᠦᠰᠦᠯ ᠴᠠᠬ ᠦᠶ᠎ᠠ ᠶᠢᠨ | ᠱᠠᠭᠠᠷᠳᠠᠯᠭ᠎ᠠ ᠶᠢ ᠠᠶᠠᠳᠠᠨ ᠲᠠᠭᠠᠵᠦ᠂ ᠨᠡᠶᠢᠭᠡᠮ ᠤᠨ ᠠᠵᠢᠯᠯᠠᠭᠠᠨ ᠤ ᠦᠨᠳᠤᠰᠤᠨ ᠵᠢᠷᠣᠮ ᠢ ᠴᠢᠨᠠᠭᠰᠢᠳᠠ | ᠬᠦᠭᠵᠢᠭᠦᠯᠦᠨ ᠲᠡᠭᠦᠯᠳᠡᠷᠵᠢᠭᠦᠯᠵᠦ᠂ ᠤᠯᠤᠰ ᠤᠨ ᠵᠠᠰᠠᠯᠳᠠ ᠶᠢᠨ ᠳᠣᠭᠳᠠᠯᠴᠠᠭ᠎ᠠ ᠪᠤᠯᠤᠨ ᠵᠠᠰᠠᠯᠳᠠ ᠶᠢᠨ | ᠴᠢᠳᠠᠪᠤᠷᠢ ᠶᠢᠨ ᠤᠳᠤᠭᠢᠴᠢᠯᠠᠯᠳᠠ ᠶᠢ ᠪᠡᠶᠡᠯᠡᠭᠦᠯᠬᠦ ᠳᠤ ᠴᠢᠬᠤᠯᠠ ᠬᠠᠤᠯᠢᠵᠢᠯ ᠤᠨ ᠪᠠᠳᠤᠯᠠᠭ᠎ᠠ ᠬᠠᠨᠭ᠍ᠭᠠᠵᠦ᠂ ᠮᠠᠨ ᠤ | ᠤᠯᠤᠰ ᠤᠨ ᠪᠠᠶᠢᠭᠤᠯᠤᠯ ᠤᠨ ᠲᠠᠪᠠᠭᠤᠯᠢᠭ ᠢ ᠤᠯᠤᠰ ᠤᠨ ᠵᠠᠰᠠᠯᠳᠠ ᠶᠢᠨ ᠣᠷ᠎ᠠ ᠴᠢᠳᠠᠪᠣᠷᠢ ᠪᠤᠯᠭᠠᠨ | ᠬᠤᠪᠢᠷᠠᠭᠤᠯᠬᠤ ᠳᠤ ᠴᠢᠬᠤᠯᠠ ᠠᠴᠢ ᠬᠤᠯᠪᠤᠬᠳᠠᠯ ᠲᠠᠢ ᠮᠦᠷᠳᠡᠭᠡᠨ ᠠᠯᠤᠰ ᠬᠡᠲᠦ ᠶᠢᠨ ᠨᠦᠯᠦᠭᠡ ᠲᠠᠢ ᠬᠡᠵᠤ | ᠬᠡᠯᠡᠪᠡ᠃ | ᠪᠦ᠋ ᠰᠢᠶᠤᠤ ᠯᠢᠨ᠂ ᠢᠷᠭᠡᠨ ᠤ ᠬᠠᠤᠯᠢ ᠶᠢᠨ ᠪᠢᠴᠢᠭ ᠤᠨ ᠲᠦᠰᠦᠯ ᠨᠢ ᠮᠠᠨ ᠤ ᠤᠯᠤᠰ ᠤᠨ | ᠢᠷᠭᠡᠨ ᠤ ᠬᠠᠤᠯᠢ ᠶᠢᠨ ᠬᠦᠷᠢᠶᠠᠨ ᠳᠤ ᠤᠷᠳᠤ ᠬᠤᠭᠤᠴᠠᠭ᠎ᠠ ᠪᠠᠷ ᠣᠷᠣᠰᠢᠭᠰᠠᠭᠠᠷ ᠢᠷᠡᠭᠰᠨᠨ ᠬᠠᠤᠯᠢ ᠲᠤᠬᠳᠠᠭᠠᠯᠳᠠ | ᠳᠠᠷᠠᠬᠠᠢ ᠪᠣᠳᠠᠷᠬᠠᠢ᠂ ᠴᠢᠨᠠᠭᠰᠢᠯᠠᠪᠠᠯ ᠳᠠᠩ ᠢᠶᠠᠷ ᠬᠡᠷᠡᠭᠵᠢᠭᠦᠯᠭᠦ ᠬᠠᠤᠯᠢ ᠨᠤᠭᠤᠳ ᠨᠢ ᠬᠤᠭᠤᠷᠤᠨᠳᠤ ᠪᠠᠨ ᠨᠢᠭᠡᠳᠤᠯ | ᠦᠭᠡᠢ ᠪᠠᠶᠢᠭᠰᠠᠨ ᠠᠰᠠᠭᠤᠳᠠᠯ ᠢ ᠪᠦᠲᠦᠮᠵᠢᠳᠠᠢ ᠰᠢᠢᠳᠪᠤᠷᠢᠯᠡᠵᠦ᠂ ᠨᠡᠶᠢᠭᠡᠮ ᠤᠨ ᠡᠷᠭᠡ ᠲᠡᠭᠰᠢ ᠰᠢᠳᠤᠷᠭᠤ | ᠶᠤᠰᠤ ᠶᠢ ᠬᠠᠮᠠᠭᠠᠯᠠᠬᠤ᠂ ᠤᠯᠤᠰ ᠤᠨ ᠵᠠᠰᠠᠯᠳᠠ ᠶᠢᠨ ᠳᠣᠭᠳᠠᠯᠴᠠᠭ᠎ᠠ ᠪᠤᠯᠤᠨ ᠵᠠᠰᠠᠯᠳᠠ ᠶᠢᠨ ᠴᠢᠳᠠᠪᠤᠷᠢ ᠶᠢᠨ | ᠤᠳᠤᠭᠢᠴᠢᠯᠠᠯᠳᠠ ᠶᠢ ᠠᠬᠢᠭᠤᠯᠬᠤ ᠳᠤ ᠴᠢᠬᠤᠯᠠ ᠦᠢᠯᠡᠳᠤᠯ ᠦᠵᠡᠭᠦᠯᠬᠦ ᠨᠢ ᠯᠠᠪᠳᠠᠢ᠃ ᠲᠦᠰᠦᠯ ᠨᠢ ᠴᠠᠬ | ᠦᠶ᠎ᠠ ᠶᠢᠨ ᠬᠦᠭᠵᠢᠯᠳᠠ ᠶᠢᠨ ᠬᠡᠷᠡᠭᠴᠡᠭᠡ ᠶᠢ ᠠᠶᠠᠳᠠᠨ ᠲᠠᠭᠠᠵᠦ᠂ ᠠᠷᠠᠳ ᠲᠦᠮᠡᠨ ᠤ ᠠᠩᠬᠠᠷᠤᠨ ᠬᠠᠯᠠᠮᠵᠢᠯᠠᠵᠦ | ᠪᠠᠶᠢᠭ᠎ᠠ ᠢᠳᠡᠵᠦ ᠡᠮᠦᠰᠭᠦ ᠶᠠᠪᠤᠵᠦ ᠰᠠᠭᠤᠬᠤ ᠵᠡᠷᠭᠡ ᠠᠰᠠᠭᠤᠳᠠᠯ ᠢ ᠴᠦᠮ ᠳᠦᠷᠢᠮᠵᠢᠬᠦᠯᠦᠨ ᠪᠠᠳᠤᠯᠠᠵᠦ᠂ ᠠᠷᠠᠳ | ᠲᠦᠮᠡᠨ ᠢᠶᠠᠷ ᠭᠤᠤᠯ ᠪᠤᠯᠭᠠᠬᠤ ᠬᠦᠭᠵᠢᠯᠳᠠ ᠶᠢᠨ ᠦᠵᠡᠯ ᠰᠠᠨᠠᠭ᠎ᠠ ᠶᠢ ᠭᠦᠢᠴᠡᠳ ᠢᠯᠡᠷᠡᠭᠦᠯᠵᠦ᠂ ᠠᠷᠠᠳ | ᠲᠦᠮᠡᠨ ᠤ ᠡᠷᠭᠡ ᠠᠰᠢᠭ ᠢ ᠨᠡᠩ ᠰᠠᠶᠢᠳᠤᠷ ᠬᠠᠮᠠᠭᠠᠯᠠᠨ᠂ ᠠᠷᠠᠳ ᠲᠦᠮᠡᠨ ᠤ ᠬᠦᠷᠳᠡᠮᠵᠢ ᠶᠢᠨ ᠲᠦᠷᠦᠭᠳᠡᠯ᠂ | ᠵᠢᠷᠭᠠᠯᠳᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠢ ᠲᠠᠰᠤᠷᠠᠯᠳᠠ ᠦᠭᠡᠢ ᠨᠡᠮᠡᠭᠳᠡᠭᠦᠯᠵᠦ᠂ ᠬᠦᠮᠦᠨ ᠤ ᠪᠦᠭᠦ | ᠲᠠᠯ᠎ᠠ ᠶᠢᠨ ᠬᠦᠭᠵᠢᠯᠳᠠ ᠶᠢ ᠠᠬᠢᠭᠤᠯᠬᠤ ᠳᠤ ᠮᠠᠰᠢ ᠴᠢᠬᠤᠯᠠ ᠠᠴᠢ ᠬᠤᠯᠪᠤᠭᠳᠠᠯ ᠲᠠᠢ ᠬᠡᠵᠤ ᠬᠡᠯᠡᠪᠡ᠃ | ᠯᠢ ᠰᠢᠤ ᠯᠢᠩ᠂ ᠢᠷᠭᠡᠨ ᠤ ᠬᠠᠤᠯᠢ ᠶᠢᠨ ᠪᠢᠴᠢᠭ ᠢ ᠨᠠᠶᠢᠷᠠᠭᠤᠯᠤᠨ ᠲᠤᠭᠤᠷᠪᠢᠬᠤ ᠪᠣᠯ ᠨᠠᠮ ᠤᠨ | ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠲᠦᠷᠪᠡᠳᠦᠭᠡᠷ ᠪᠦᠭᠦᠳᠡ ᠬᠤᠷᠠᠯ ᠠᠴᠠ ᠲᠤᠷᠠᠳᠤᠬᠰᠠᠨ | ᠴᠢᠬᠤᠯᠠ ᠶᠡᠭᠡ ᠬᠠᠤᠯᠢ ᠲᠤᠬᠳᠠᠭᠠᠬᠤ ᠡᠭᠦᠷᠭᠡ ᠪᠣᠯᠣᠨ᠎ᠠ᠃ ᠪᠦᠬᠦ ᠨᠠᠶᠢᠷᠠᠭᠤᠯᠤᠨ ᠲᠤᠭᠤᠷᠪᠢᠬᠤ ᠶᠠᠪᠤᠴᠠ ᠳᠤ | ᠰᠢ ᠶᠢᠨ ᠫᠢᠡᠭ ᠨᠦᠭᠦᠷ ᠢᠶᠠᠷ ᠭᠤᠤᠯ ᠪᠤᠯᠭᠠᠬᠰᠠᠨ ᠨᠠᠮ ᠤᠨ ᠲᠦᠪ ᠬᠤᠷᠢᠶ᠎ᠠ ᠲᠡᠭᠡᠳᠤ ᠬᠡᠮᠵᠢᠶ᠎ᠡ ᠪᠠᠷ ᠴᠢᠬᠤᠯᠠᠴᠢᠯᠠᠨ | ᠴᠢᠩᠭ᠎ᠠ ᠬᠦᠴᠤᠳᠠᠢ ᠤᠯᠤᠰ ᠲᠦᠷᠦ ᠶᠢᠨ ᠪᠠᠳᠤᠯᠠᠭ᠎ᠠ ᠬᠠᠨᠭ᠍ᠭᠠᠵᠦ᠂ ᠰᠢᠨᠵᠢᠯᠡᠭᠦ ᠤᠬᠠᠭᠠᠨᠴᠢ ᠪᠠᠷ ᠬᠠᠤᠯᠢ | ᠲᠤᠬᠳᠠᠭᠠᠬᠤ᠂ ᠠᠷᠠᠳᠴᠢᠯᠠᠯ ᠢᠶᠠᠷ ᠬᠠᠤᠯᠢ ᠲᠤᠬᠳᠠᠭᠠᠬᠤ᠂ ᠬᠠᠤᠯᠢ ᠶᠤᠰᠤᠭᠠᠷ ᠬᠠᠤᠯᠢ ᠲᠤᠬᠳᠠᠭᠠᠬᠤ ᠵᠠᠷᠴᠢᠮ ᠢ | ᠢᠯᠡᠷᠡᠭᠦᠯᠵᠦ᠂ ᠤᠳᠤ ᠦᠶ᠎ᠠ ᠶᠢᠨ ᠢᠷᠭᠡᠨ ᠤ ᠬᠡᠷᠡᠭ ᠤᠨ ᠬᠠᠤᠯᠢ ᠴᠠᠭᠠᠵᠠ ᠶᠢᠨ ᠵᠢᠷᠤᠮᠯᠠᠯ ᠪᠤᠯᠤᠨ ᠤᠯᠠᠮᠵᠢᠯᠠᠯᠳᠤ | ᠰᠢᠯᠢᠳᠡᠭ ᠬᠠᠤᠯᠢ ᠴᠠᠭᠠᠵᠠ ᠶᠢᠨ ᠰᠤᠶᠤᠯ ᠢ ᠠᠭᠤᠰᠤᠯᠴᠠᠭᠤᠯᠤᠨ᠂ ᠨᠡᠶᠢᠭᠡᠮ ᠤᠨ ᠪᠤᠯᠪᠠᠰᠤᠨ ᠤ ᠲᠠᠪᠰᠢᠯᠳᠠ ᠶᠢᠨ | ᠦᠷ᠎ᠠ ᠪᠦᠲᠦᠭᠡᠯ ᠢ ᠰᠢᠩᠭᠡᠭᠡᠨ ᠠᠪᠴᠤ᠂ ᠨᠡᠶᠢᠭᠡᠮ ᠵᠢᠷᠤᠮ ᠤᠨ ᠭᠤᠤᠯᠯᠠᠬᠴᠢ ᠦᠷᠳᠡᠭ ᠤᠨ ᠦᠵᠡᠯᠳᠡ ᠶᠢᠨ | ᠱᠠᠭᠠᠷᠳᠠᠯᠭ᠎ᠠ ᠶᠢ ᠢᠯᠡᠷᠡᠭᠦᠯᠵᠠᠢ᠂ ᠲᠡᠷᠡ ᠨᠢ ᠲᠤᠮᠳᠠᠳᠤ ᠤᠯᠤᠰ ᠤᠨ ᠤᠨᠴᠠᠯᠢᠭ ᠲᠠᠢ᠂ ᠴᠠᠬ ᠦᠶ᠎ᠠ ᠶᠢᠨ | ᠱᠠᠭᠠᠷᠳᠠᠯᠭ᠎ᠠ ᠳᠤ ᠵᠤᠬᠢᠴᠠᠭᠰᠠᠨ᠂ ᠣᠯᠠᠩᠬᠢ ᠠᠷᠠᠳ ᠲᠦᠮᠡᠨ ᠤ ᠬᠦᠰᠡᠯ ᠰᠠᠨᠠᠭ᠎ᠠ ᠶᠢ ᠲᠤᠰᠬᠠᠵᠠᠢ᠃ ᠪᠢ ᠡᠨᠡᠬᠦ | ᠬᠠᠤᠯᠢ ᠴᠠᠭᠠᠵᠠ ᠶᠢ ᠪᠦᠷᠢᠮᠤᠰᠤᠨ ᠵᠦᠪᠰᠢᠶᠡᠷᠡᠨ᠎ᠠ ᠬᠡᠵᠤ ᠬᠡᠯᠡᠵᠠᠢ᠃ | ᠯᠢ ᠵᠢᠢ ᠾᠸᠡᠭ ᠲᠦᠯᠦᠭᠡᠯᠡᠭᠴᠢ᠂ ᠢᠷᠭᠡᠨ ᠤ ᠬᠠᠤᠯᠢ ᠶᠢᠨ ᠪᠢᠴᠢᠭ ᠤᠨ ᠲᠦᠰᠦᠯ ᠳᠤ ᠨᠡᠶᠢᠭᠡᠮ | ᠵᠢᠷᠤᠮ ᠤᠨ ᠭᠤᠤᠯᠯᠠᠬᠴᠢ ᠦᠷᠳᠡᠭ ᠤᠨ ᠦᠵᠡᠯᠳᠡ ᠶᠢᠨ ᠱᠠᠭᠠᠷᠳᠠᠯᠭ᠎ᠠ ᠶᠢ ᠭᠦᠢᠴᠡᠳ ᠢᠯᠡᠷᠡᠭᠦᠯᠵᠤ᠂ ᠬᠠᠤᠯᠢ ᠪᠠᠷ | ᠤᠯᠤᠰ ᠢᠶᠠᠨ ᠵᠠᠰᠠᠬᠤ ᠪᠠ ᠶᠤᠰᠤ ᠰᠤᠷᠳᠠᠬᠤᠨ ᠢᠶᠠᠷ ᠤᠯᠤᠰ ᠢᠶᠠᠨ ᠵᠠᠰᠠᠬᠤ ᠶᠢ ᠤᠷᠭᠠᠨᠢᠭ ᠢᠶᠠᠷ ᠤᠶᠠᠯᠳᠤᠭᠤᠯᠬᠤ ᠶᠢ | ᠪᠡᠶᠡᠯᠡᠭᠦᠯᠪᠠ᠃ ᠠᠷᠠᠳ ᠤᠨ ᠶᠠᠪᠤᠳᠠᠯ ᠪᠤᠯ ᠢᠷᠭᠡᠨ ᠤ ᠬᠠᠤᠯᠢ ᠶᠢᠨ ᠪᠢᠴᠢᠭ ᠤᠨ ᠳᠦᠷᠢᠮᠵᠢᠬᠦᠯᠬᠦ ᠭᠤᠤᠯᠳᠠᠯᠭ᠎ᠠ ᠲᠠᠢ | ᠬᠦᠷᠢᠶ᠎ᠠ ᠪᠣᠯᠣᠨ᠎ᠠ᠂ ᠢᠷᠭᠡᠨ ᠤ ᠬᠠᠤᠯᠢ ᠶᠢᠨ ᠪᠢᠴᠢᠭ ᠢ ᠳᠣᠭᠳᠠᠭᠠᠬᠤ ᠨᠢ ᠪᠢᠳᠡᠨ ᠳᠤ ᠰᠢᠨ᠎ᠠ ᠴᠠᠬ ᠦᠶ᠎ᠠ ᠶᠢᠨ | ᠠᠷᠠᠳ ᠤᠨ ᠶᠠᠪᠤᠳᠠᠯ ᠤᠨ ᠠᠵᠢᠯ ᠢ ᠴᠢᠨᠠᠭᠰᠢᠳᠠ ᠰᠠᠶᠢᠳᠤᠷ ᠬᠢᠭᠦ ᠳᠤ ᠬᠠᠤᠯᠢᠵᠢᠯ ᠤᠨ ᠴᠢᠬᠤᠯᠠ ᠪᠠᠳᠤᠯᠠᠭ᠎ᠠ | ᠬᠠᠨᠭ᠍ᠭᠠᠬᠤ ᠨᠢ ᠯᠠᠪᠳᠠᠢ ᠭᠡᠵᠤ ᠬᠡᠯᠡᠪᠡ᠃ | ᠯᠢᠨ ᠱᠤᠤ ᠴᠦᠨ᠂ ᠮᠠ ᠰᠢᠤᠸᠠᠢ ᠵᠢᠶᠦ᠋ᠨ᠂ ᠨᠠᠰᠤᠨᠮᠦ᠋ᠡᠭᠭᠡ᠂ ᠤᠷᠳᠤ᠂ ᠵᠠᠩ ᠵᠢᠶᠠᠨ ᠮᠢᠨ᠂ ᠢᠤᠢ | ᠰᠢᠤᠢ ᠪᠦᠸᠧ᠂ ᠶᠠᠩ ᠽᠦᠡᠭ ᠷᠧᠨ᠂ ᠯᠢ ᠴᠢ ᠯᠢᠨ ᠵᠡᠷᠭᠡ ᠲᠦᠯᠦᠭᠡᠯᠡᠭᠴᠢ ᠦᠭᠡ ᠬᠡᠯᠡᠪᠡ᠃ ᠤᠯᠠᠨ ᠢᠶᠠᠷ ᠢᠶᠠᠨ᠂ | ᠢᠷᠭᠡᠨ ᠤ ᠬᠠᠤᠯᠢ ᠶᠢᠨ ᠪᠢᠴᠢᠭ ᠢ ᠨᠠᠶᠢᠷᠠᠭᠤᠯᠤᠨ ᠲᠤᠭᠤᠷᠪᠢᠭᠰᠠᠨ ᠨᠢ ᠲᠤᠮᠳᠠᠳᠤ ᠤᠯᠤᠰ ᠤᠨ ᠤᠨᠴᠠᠯᠢᠭ ᠲᠠᠢ | ᠨᠡᠶᠢᠭᠡᠮ ᠵᠢᠷᠤᠮ ᠤᠨ ᠪᠠᠶᠢᠭᠤᠯᠤᠯ ᠢ ᠪᠠᠷᠢᠮᠳᠠᠯᠠᠨ ᠲᠡᠭᠦᠯᠳᠡᠷᠵᠢᠭᠦᠯᠭᠦ ᠶᠢᠨ ᠠᠬᠤᠶᠢᠴᠢ ᠬᠡᠷᠡᠭᠴᠡᠭᠡ ᠪᠣᠯᠣᠨ᠎ᠠ᠂ ᠪᠦᠭᠦ | ᠲᠠᠯ᠎ᠠ ᠪᠠᠷ ᠬᠠᠤᠯᠢ ᠪᠠᠷ ᠤᠯᠤᠰ ᠢᠶᠠᠨ ᠵᠠᠰᠠᠬᠤ ᠶᠢ ᠠᠭᠢᠭᠤᠯᠬᠤ᠂ ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ | ᠵᠢᠷᠤᠮ ᠤᠨ ᠬᠠᠤᠯᠢ ᠴᠠᠭᠠᠵᠠ ᠶᠢᠨ ᠳᠣᠭᠳᠠᠯᠴᠠᠭ᠎ᠠ ᠶᠢ ᠲᠡᠭᠦᠯᠳᠡᠷᠵᠢᠭᠦᠯᠭᠦ ᠴᠢᠬᠤᠯᠠ ᠠᠷᠭ᠎ᠠ ᠬᠡᠮᠵᠢᠶ᠎ᠡ ᠪᠣᠯᠣᠨ᠎ᠠ ᠭᠡᠵᠦ | ᠦᠵᠡᠬᠦ ᠶᠢᠨ ᠬᠠᠮᠳᠣ᠂ ᠡᠨᠡ ᠣᠳᠠᠭ᠎ᠠ ᠶᠢᠨ ᠶᠡᠭᠡ ᠬᠤᠷᠠᠯ ᠠᠴᠠ ᠢᠷᠭᠡᠨ ᠤ ᠬᠠᠤᠯᠢ ᠶᠢᠨ ᠪᠢᠴᠢᠭ ᠤᠨ ᠲᠦᠰᠦᠯ ᠢ | ᠬᠢᠨᠠᠨ ᠵᠦᠪᠯᠡᠵᠤ ᠪᠠᠳᠤᠯᠠᠬᠤ ᠶᠢ ᠵᠦᠪᠰᠢᠶᠡᠷᠡᠵᠦ ᠪᠠᠶᠢᠬᠤ ᠪᠠᠨ ᠢᠯᠡᠷᠬᠡᠶᠢᠯᠡᠪᠡ᠃ ᠲᠦᠯᠦᠭᠡᠯᠡᠭᠴᠢᠳ ᠪᠠᠰᠠ ᠪᠤᠳᠠᠳᠠᠢ | ᠵᠠᠰᠠᠪᠣᠷᠢ ᠣᠷᠣᠭᠤᠯᠬᠤ ᠰᠠᠨᠠᠯ ᠲᠤᠷᠠᠳᠴᠠᠢ᠃ | |