ᠪᠠᠳᠠᠢ ᠶᠢᠨ ᠵᠢᠷᠠᠨ ᠪᠠᠯᠭᠠᠰᠤ | ᠪᠠᠳᠠᠶ ᠶᠢᠨ ᠵᠢᠷᠠᠨ ᠤ ᠡᠯᠡᠰᠦᠨ ᠴᠥᠯ ᠠᠯᠠᠱᠠ ᠪᠠᠷᠠᠭᠤᠨ ᠬᠤᠰᠢᠭᠤ ᠨᠢ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠪᠠᠷᠠᠭᠤᠨ ᠬᠡᠰᠡᠭ ᠲᠤ ᠪᠠᠶᠢᠷᠢᠯᠠᠵᠤ᠂ ᠤᠮᠠᠷᠠᠲᠤ ᠥᠷᠭᠡᠷᠢᠭ ᠤᠨ 38°38′-42°02′ | ᠂ ᠠᠯᠠᠱᠠ ᠪᠠᠷᠠᠭᠤᠨ ᠬᠤᠰᠢᠭᠤᠨ ᠤ ᠵᠡᠭᠦᠨ ᠤᠷᠲᠤᠷᠢᠭ ᠤᠨ 99°44′-104°38′ ᠳᠤ ᠪᠠᠶᠢᠷᠢᠯᠠᠵᠤ | ᠪᠣᠶ᠃ ᠤᠮᠠᠷᠠᠰᠢ ᠪᠠᠨ ᠪᠥᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠲᠠᠢ ᠵᠠᠬ᠎ᠠ ᠨᠡᠶᠢᠯᠡᠵᠦ᠂ ᠤᠯᠤᠰ ᠤᠨ | ᠬᠢᠯᠢ ᠶᠢᠨ ᠱᠤᠭᠤᠮ ᠤᠨ ᠣᠷᠳᠣ ᠨᠢ 38.76 ᠺᠢᠯᠣᠮᠧᠲᠷ ᠪᠠᠶᠢᠵᠤ᠂ ᠵᠡᠭᠦᠨᠰᠢ ᠪᠠᠨ ᠠᠯᠠᠱᠠ ᠵᠡᠭᠦᠨ ᠬᠤᠰᠢᠭᠤ ᠲᠠᠢ | ᠵᠠᠯᠭᠠᠯᠳᠤᠵᠤ᠂ ᠡᠮᠦᠨᠡᠰᠢ ᠪᠠᠨ ᠭᠠᠨᠰᠦ ᠮᠤᠵᠢ ᠶᠢᠨ ᠵᠢᠨᠴᠠᠩ᠂ ᠱᠠᠨ ᠳ᠋ᠠᠨ᠂ ᠵᠠᠩ ᠶᠧ᠂ ᠭᠤᠤ ᠲᠠᠢ᠂ ᠯᠢᠩ ᠽᠧ᠂ | ᠵᠢᠩ ᠲᠠ ᠵᠡᠷᠭᠡ ᠬᠤᠲᠠ ᠰᠢᠶᠠᠨ ᠲᠠᠢ ᠬᠥᠷᠰᠢᠯᠡᠵᠦ᠂ ᠪᠠᠷᠠᠭᠤᠨᠰᠢ ᠪᠠᠨ ᠡᠵᠡᠨ᠎ᠡ ᠬᠤᠰᠢᠭᠤ ᠲᠠᠢ ᠵᠠᠯᠭᠠᠯᠳᠤᠵᠤ | ᠪᠠᠶᠢᠨ᠎ᠠ᠃ ᠪᠥᠬᠦ ᠬᠤᠰᠢᠭᠤᠨ ᠳᠤ ᠮᠣᠩᠭᠤᠯ᠂ ᠬᠢᠲᠠᠳ᠂ ᠬᠤᠲᠣᠩ᠂ ᠲᠥᠪᠡᠳ᠂ ᠳᠠᠭᠤᠷ᠂ ᠡᠸᠡᠩᠬᠢ ᠵᠡᠷᠭᠡ 10 | ᠭᠠᠷᠤᠶ ᠦᠨᠳᠦᠰᠦᠲᠡᠨ ᠲᠠᠢ᠂ ᠴᠥᠭᠡᠨ ᠲᠣᠭᠠᠲᠤ ᠦᠨᠳᠦᠰᠦᠲᠡᠨ ᠤ ᠬᠢᠯᠢ ᠶᠢᠨ ᠬᠤᠰᠢᠭᠤ ᠪᠣᠯᠤᠨ᠎ᠠ᠃ | | | | | ᠪᠠᠳᠠᠶ ᠶᠢᠨ ᠵᠢᠷᠠᠨ ᠪᠠᠯᠭᠠᠰᠤ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠯᠠᠱᠠ ᠪᠠᠷᠠᠭᠤᠨ | ᠬᠤᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ᠂ ᠠᠯᠠᠱᠠ ᠪᠠᠷᠠᠭᠤᠨ ᠬᠤᠰᠢᠭᠤᠨ ᠤ ᠤᠯᠤᠰ ᠲᠥᠷᠥ᠂ | ᠠᠵᠤ ᠠᠬᠤᠶ᠂ ᠰᠣᠶᠣᠯ ᠪᠠ ᠨᠡᠶᠢᠭᠡᠮ ᠤᠨ ᠠᠵᠢᠯᠯᠠᠭᠠᠨ ᠤ ᠲᠥᠪ ᠪᠣᠯᠤᠨ᠎ᠠ᠃ ᠤᠤᠯ ᠨᠡᠷ᠎ᠡ ᠨᠢ ᠡᠬᠢᠨᠬᠤᠳᠳᠤᠭ | ᠪᠠᠯᠭᠠᠰᠤ ᠪᠣᠯᠤᠨ᠎ᠠ᠂ ᠬᠡᠳᠦᠨ ᠵᠢᠯ ᠤᠨ ᠲᠤᠷᠰᠢ᠂ ᠥᠭᠡᠷᠡᠴᠢᠯᠡᠯᠲᠡ ᠨᠡᠬᠡᠬᠡᠯᠳᠡ ᠪᠣᠯᠤᠨ ᠨᠡᠶᠢᠭᠡᠮ ᠤᠨ ᠠᠵᠤ | ᠠᠬᠤᠢ ᠶᠢᠨ ᠡᠳᠦᠷ ᠢᠷᠡᠬᠦᠶ᠎ᠡ ᠬᠥᠭᠵᠢᠬᠦ ᠶᠢ ᠲᠠᠭᠠᠯᠳᠤᠨ᠂ ᠪᠠᠳᠠᠢ ᠶᠢᠨ ᠵᠢᠷᠠᠨ ᠪᠠᠯᠭᠠᠰᠤ ᠨᠢᠭᠡᠨᠲᠡ ᠠᠵᠤ | ᠦᠢᠯᠡᠳᠪᠦᠷᠢ᠂ ᠬᠥᠳᠡᠭᠡ ᠠᠵᠤ ᠠᠬᠤᠢ᠂ ᠵᠠᠮ ᠬᠠᠷᠢᠯᠴᠠᠭ᠎ᠠ᠂ ᠦᠢᠯᠡᠴᠢᠯᠡᠭᠡᠨ ᠤ ᠦᠢᠯᠡᠰ ᠢ ᠨᠢᠭᠡ | ᠴᠤᠬᠴᠠᠵᠢᠭᠤᠯᠤᠬᠰᠠᠨ ᠰᠢᠨ᠎ᠡ ᠮᠠᠶ᠋ᠢᠭ ᠤᠨ ᠬᠤᠲᠠ ᠪᠠᠯᠭᠠᠰᠤ ᠪᠣᠯᠵᠠᠢ᠃ | | | | | ᠲᠣᠪᠴᠢ ᠲᠠᠨᠢᠯᠴᠠᠭᠤᠯᠭ᠎ᠠ | 2011 ᠣᠨ ᠤ 5 ᠰᠠᠷ᠎ᠠ ᠶᠢᠨ 24 ᠤ ᠡᠳᠦᠷ᠂ ᠥᠪᠥᠷ ᠮᠤᠩᠭᠤᠯ ᠤᠨ ᠵᠠᠰᠠᠭ ᠤᠨ | ᠪᠢᠴᠢᠭ〔2011〕143 ᠳ᠋ᠤᠭᠠᠷ ᠲᠣᠭᠠᠲᠤ ︽ᠠᠯᠠᠱᠠ ᠪᠠᠷᠠᠭᠤᠨ ᠬᠤᠰᠢᠭᠤᠨ ᠤ ᠡᠬᠢᠨᠬᠤᠳᠳᠤᠭ ᠪᠠᠯᠭᠠᠰᠤ ᠶᠢᠨ | ᠨᠡᠷ᠎ᠡ ᠶᠢ ᠪᠠᠳᠠᠶ ᠶᠢᠨ ᠵᠢᠷᠠᠨ ᠪᠠᠯᠭᠠᠰᠤ ᠭᠡᠵᠦ ᠬᠠᠯᠠᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠣᠨ ᠤ ᠴᠣᠬᠤᠯᠠᠪᠤᠷᠢ︾ ᠶᠢ ᠦᠨᠳᠦᠰᠦᠯᠡᠨ᠂ ᠠᠯᠠᠱᠠ ᠠᠶᠢᠮᠠᠭ ᠤᠨ ᠠᠯᠠᠱᠠ | ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠤᠨ ᠡᠬᠢᠨᠬᠤᠳᠳᠤᠭ ᠪᠠᠯᠭᠠᠰᠤ ᠶᠢᠨ ᠨᠡᠷ᠎ᠡ ᠶᠢ | ᠪᠠᠳᠠᠶ ᠶᠢᠨ ᠵᠢᠷᠠᠨ ᠪᠠᠯᠭᠠᠰᠤ ᠭᠡᠵᠦ ᠬᠠᠯᠠᠪᠠ᠃ | | | | | ᠬᠦᠴᠦᠨ ᠦᠭᠡᠢ ᠪᠣᠯᠭᠠᠭᠰᠠᠨ ᠬᠠᠭᠤᠴᠢᠨ ᠭᠠᠵᠠᠷ ᠤᠨ ᠨᠡᠷ᠎ᠡ ᠨᠢ ︿ᠡᠬᠢᠨᠬᠤᠳᠳᠤᠭ﹀ ᠭᠡᠳᠡᠭ ᠨᠢ ︿ᠳᠡᠭᠡᠳᠦ | ᠬᠤᠳᠳᠤᠭ﹀ ᠪᠤᠶᠤ ︿ᠨᠢᠭᠡᠳᠦᠭᠡᠷ ᠬᠤᠳᠳᠤᠭ﹀ ᠭᠡᠰᠡᠨ ᠤᠳᠬ᠎ᠠ ᠲᠠᠢ᠃ 1961 ᠣᠨ ᠤ 5 ᠰᠠᠷ᠎ᠠ ᠶᠢᠨ 25 ᠤ | ᠡᠳᠦᠷ᠂ ᠠᠯᠠᠱᠠ ᠪᠠᠷᠠᠭᠤᠨ ᠬᠤᠰᠢᠭᠤ ᠵᠢᠩᠬᠢᠨᠢ ᠪᠠᠷ ᠪᠠᠶᠢᠭᠤᠯᠤᠭᠳᠠᠵᠤ᠂ ᠨᠠᠮ ᠵᠠᠰᠠᠭ ᠤᠨ ᠪᠠᠶᠢᠭᠤᠯᠭ᠎ᠠ ᠨᠢ | ᠬᠦᠬᠡᠲᠠᠪᠤᠰᠤ ︵ᠣᠲᠣ ᠶᠢᠨ ᠶᠠᠪᠠᠷᠠᠢ ᠶᠢᠨ ᠳᠠᠪᠤᠰᠤ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠶᠢᠨ ᠬᠠᠭᠤᠴᠢᠨ | ᠪᠠᠭᠤᠷᠢ︶ ᠳᠤ ᠰᠠᠭᠤᠵᠤ ᠪᠠᠶᠢᠪᠠ︔ 1965 ᠣᠨ ᠤ 9 ᠰᠠᠷ᠎ᠠ ᠳᠤ᠂ ᠠᠯᠠᠱᠠ ᠪᠠᠷᠠᠭᠤᠨ ᠬᠤᠰᠢᠭᠤᠨ ᠤ ᠵᠠᠰᠠᠭ | ᠤᠨ ᠤᠷᠳᠤᠨ ᠢᠶᠠᠨ ᠡᠬᠢᠨᠬᠤᠳᠳᠤᠭ ᠲᠤ ᠨᠡᠭᠦᠯᠭᠡᠪᠡ︔ 1979 ᠣᠨ ᠤ 11 ᠰᠠᠷ᠎ᠠ ᠳᠤ᠂ ᠡᠬᠢᠨᠬᠤᠳᠳᠤᠭ | ᠪᠠᠯᠭᠠᠰᠤ ᠪᠠᠶᠢᠭᠤᠯᠤᠭᠳᠠᠵᠤ᠂ ᠬᠤᠰᠢᠭᠤᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠤᠨ ᠨᠡᠷ᠎ᠡ ᠶᠢ ᠣᠲᠣ | ᠪᠣᠯᠲᠠᠯ᠎ᠠ ᠬᠡᠷᠡᠭᠯᠡᠭᠰᠡᠭᠡᠷ ᠪᠠᠶᠢᠨ᠎ᠠ᠃ ︿ᠪᠠᠳᠠᠢ ᠶᠢᠨ ᠵᠢᠷᠠᠨ﹀ ᠭᠡᠳᠡᠭ ᠪᠣᠯ ᠮᠣᠩᠭᠤᠯ ᠦᠭᠡ᠂ ︿ᠪᠠᠳᠠᠢ﹀ ᠭᠡᠳᠡᠭ ᠪᠣᠯ | ᠪᠠᠳᠠᠢ ︵ᠬᠥᠮᠦᠨ ᠤ ᠨᠡᠷ᠎ᠡ︶ ᠠᠴᠠ ᠤᠯᠠᠷᠢᠵᠤ ᠢᠷᠡᠭᠰᠡᠨ ᠦᠭᠡ᠂ ︿ᠵᠢᠷᠠᠨ﹀ ᠭᠡᠳᠡᠭ ᠪᠣᠯ ᠲᠣᠭᠠᠨ ᠤ ᠨᠡᠷᠡᠶᠢᠳᠦᠯ᠂ | ᠳᠠᠷᠤᠶ ᠵᠢᠷᠠ ᠪᠣᠯᠤᠨ᠎ᠠ᠃ ᠬᠡᠳᠦᠨ ᠵᠠᠭᠤᠨ ᠵᠢᠯ ᠤᠨ ᠡᠮᠦᠨ᠎ᠡ᠂ ᠪᠠᠳᠠᠢ ᠬᠡᠳᠡᠭ ᠨᠡᠷ᠎ᠡ ᠲᠠᠢ ᠨᠢᠭᠡ ᠮᠠᠯᠴᠢᠨ ᠪᠠᠳᠠᠢ ᠶᠢᠨ | ᠵᠢᠷᠠᠨ ᠤ ᠡᠯᠡᠰᠦᠨ ᠴᠦᠯ ᠤᠨ ᠶᠡᠭᠡ ᠡᠯᠡᠰᠦᠨ ᠴᠤᠬᠢᠶ᠎ᠠ ᠶᠢᠨ ᠬᠠᠵᠠᠭᠤ ᠳᠤ ᠰᠠᠭᠤᠷᠢᠰᠢᠵᠤ᠂ ᠬᠦᠴᠢᠷ ᠪᠡᠷᠬᠡᠰᠢᠶᠡᠯ ᠢ | ᠲᠤᠭᠤᠯᠤᠨ ᠡᠨᠡ ᠬᠦ ᠡᠯᠡᠰᠦᠨ ᠴᠦᠯ ᠤᠨ ᠳᠣᠲᠣᠷ᠎ᠠ ᠠᠴᠠ ᠵᠢᠷᠠᠨ ᠶᠡᠭᠡ ᠪᠠᠭ᠎ᠠ ᠨᠢ ᠠᠳᠠᠯᠢ ᠪᠤᠰᠤ ᠨᠠᠭᠤᠷ ᠢ | ᠢᠯᠡᠷᠡᠭᠦᠯᠪᠡ᠂ ᠬᠤᠵᠢᠮ ᠤᠨ ᠬᠥᠮᠦᠰ ᠲᠡᠭᠦᠨ ᠢ ᠳᠤᠷᠠᠰᠬᠠᠬᠤ ᠶᠢᠨ ᠲᠥᠯᠥᠭᠡ ᠪᠠᠳᠠᠢ ᠶᠢᠨ ᠵᠢᠷᠠᠨ ᠤ ᠡᠯᠡᠰᠦᠨ ᠴᠦᠯ | ᠭᠡᠵᠦ ᠨᠡᠷᠡᠶᠢᠳᠪᠡ᠃ | | | | | ᠪᠠᠳᠠᠶ ᠶᠢᠨ ᠵᠢᠷᠠᠨ ᠤ ᠡᠯᠡᠰᠦᠨ ᠤ ᠶᠡᠷᠦᠩᠬᠡᠶ ᠲᠠᠯᠠᠪᠠᠶ ᠨᠢ 4.92 ᠲᠦᠮᠡᠨ ᠲᠡᠭᠰᠢ ᠳᠥᠷᠪᠡᠯᠵᠢᠨ ᠺᠢᠯᠣᠮᠧᠲᠷ | ᠪᠠᠶᠢᠵᠤ᠂ ᠡᠭᠦᠨ ᠳᠤ 71% ᠶᠢᠨ ᠲᠠᠯᠠᠪᠠᠶ ᠨᠢ ᠠᠯᠠᠱᠠ ᠪᠠᠷᠠᠭᠤᠨ ᠬᠤᠰᠢᠭᠤᠨ ᠤ ᠬᠢᠯᠢ ᠳᠤ ᠪᠠᠶᠢᠨ᠎ᠠ᠃ ᠪᠠᠳᠠᠶ ᠶᠢᠨ | ᠵᠢᠷᠠᠨ ᠤ ᠡᠯᠡᠰᠦᠨ ᠴᠥᠯ ᠪᠣᠯ ᠠᠯᠠᠱᠠ ᠪᠠᠷᠠᠭᠤᠨ ᠬᠤᠰᠢᠭᠤᠨ ᠤ ᠬᠠᠮᠤᠭ ᠤᠨ ᠴᠢᠬᠤᠯᠠ ᠵᠢᠭᠤᠯᠴᠢᠯᠠᠯ ᠤᠨ ᠡᠬᠢ | ᠪᠠᠶᠠᠯᠢᠭ ᠮᠥᠨ᠂ ᠭᠡᠲᠡᠯ᠎ᠡ ᠬᠤᠰᠢᠭᠤᠨ ᠤ ᠰᠠᠭᠤᠭ᠎ᠠ ᠭᠠᠵᠠᠷ ᠤᠨ ᠭᠠᠵᠠᠷ ᠤᠨ ᠨᠡᠷ᠎ᠡ ᠪᠠ ᠦᠵᠡᠮᠵᠢ ᠶᠢᠨ ᠭᠠᠵᠠᠷ ᠤᠨ | ᠨᠡᠷᠡᠶᠢᠳᠦᠯ ᠨᠢ ᠠᠳᠠᠯᠢ ᠥᠬᠡᠶ ᠠᠴᠠ ᠪᠣᠯᠵᠣ᠂ ᠥᠪᠡᠷᠮᠢᠴᠡ ᠪᠠᠶᠢᠭᠠᠯᠢ ᠶᠢᠨ ᠡᠬᠢ ᠪᠠᠶᠠᠯᠢᠭ ᠨᠢ ᠨᠠᠷᠠᠲᠤ ᠲᠡᠮᠳᠡᠭ ᠤᠨ | ᠤᠬᠠᠭᠤᠯᠭ᠎ᠠ ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠵᠤ ᠴᠢᠳᠠᠬᠤ ᠥᠬᠡᠶ ᠪᠣᠯᠵᠣ᠂ ᠲᠥᠪ ᠬᠤᠲᠠ | ᠪᠠᠯᠭᠠᠰᠤᠨ ᠤ ᠵᠤᠭᠠᠴᠠᠭᠰᠠᠳ ᠤᠨ ᠲᠤᠭ᠎ᠠ ᠨᠡᠯᠢᠶᠡᠳ ᠳᠣᠤᠷ᠎ᠠ ᠲᠦᠪᠰᠢᠨ ᠳᠤ ᠪᠠᠶᠢᠵᠤ᠂ ᠵᠣᠬᠢᠬᠤ ᠬᠡᠮᠵᠢᠶᠡᠨ ᠳᠤ | ᠵᠢᠭᠤᠯᠴᠢᠯᠠᠯ ᠤᠨ ᠦᠢᠯᠡᠰ ᠪᠠ ᠬᠠᠮᠢᠶ᠎ᠠ ᠪᠥᠬᠦᠶ ᠠᠵᠤ ᠦᠢᠯᠡᠰ ᠤᠨ ᠬᠥᠭᠵᠢᠯᠲᠡ ᠶᠢ ᠨᠥᠯᠥᠭᠡᠯᠡᠭᠰᠡᠨ ᠪᠠᠶᠢᠨ᠎ᠠ᠃ | | | | | | | ᠡᠬᠢᠨᠬᠤᠳᠳᠤᠭ ᠪᠠᠯᠭᠠᠰᠤ ᠶᠢ ᠪᠠᠳᠠᠢ ᠶᠢᠨ ᠵᠢᠷᠠᠨ ᠪᠠᠯᠭᠠᠰᠤ ᠭᠡᠵᠦ ᠴᠤᠬᠤᠯᠠᠪᠤᠷᠢᠯᠠᠨ ᠬᠠᠯᠠᠵᠤ᠂ ᠭᠠᠵᠠᠷ ᠤᠨ | ᠨᠡᠷ᠎ᠡ ᠶᠢᠨ ᠣᠷᠣᠨ ᠨᠤᠲᠤᠭ ᠤᠨ ᠵᠤᠭᠠᠴᠠᠯ ᠤᠨ ᠰᠣᠶᠣᠯ ᠤᠨ ᠣᠨᠴᠠᠯᠢᠭ ᠢ ᠤᠯᠠᠮ ᠴᠢᠨᠠᠭᠰᠢᠳᠠ ᠢᠯᠡᠷᠡᠭᠦᠯᠵᠦ᠂ | ᠪᠠᠳᠠᠢ ᠶᠢᠨ ᠵᠢᠷᠠᠨ ᠤ ᠵᠤᠭᠠᠴᠠᠯ ᠤᠨ ᠲᠦᠷᠦᠯ ᠲᠡᠮᠳᠡᠭ ᠤᠨ ᠦᠢᠯᠡᠳᠦᠯ ᠢ ᠭᠦᠢᠴᠡᠳ ᠪᠠᠳᠠᠷᠠᠭᠤᠯᠵᠤ᠂ ᠪᠠᠳᠠᠢ ᠶᠢᠨ | ᠵᠢᠷᠠᠨ ᠤ ᠡᠯᠡᠰᠦᠨ ᠴᠦᠯ ᠤᠨ ᠵᠤᠭᠠᠴᠠᠯ ᠤᠨ ᠨᠡᠷᠡᠳᠦ ᠪᠠᠯᠭᠠᠰᠤ ᠶᠢ ᠪᠠᠶᠢᠭᠤᠯᠵᠤ᠂ ᠣᠷᠣᠨ ᠨᠤᠲᠤᠭ ᠤᠨ | ᠵᠤᠭᠠᠴᠠᠯ ᠤᠨ ᠦᠢᠯᠡᠰ ᠤᠨ ᠲᠦᠷᠦᠯ ᠳᠡᠮᠳᠡᠭ ᠤᠨ ᠬᠥᠭᠵᠢᠯᠲᠡ ᠶᠢ ᠠᠬᠢᠭᠤᠯᠵᠤ᠂ ᠡᠭᠦᠨ ᠤ ᠤᠯᠠᠮ ᠠᠴᠠ | ᠨᠡᠶᠢᠭᠡᠮ ᠤᠨ ᠦᠷ᠎ᠡ ᠠᠰᠢᠭ᠂ ᠠᠵᠤ ᠠᠬᠤᠢ ᠶᠢᠨ ᠦᠷ᠎ᠡ ᠠᠰᠢᠭ᠂ ᠰᠣᠶᠣᠯ ᠤᠨ ᠦᠷ᠎ᠡ ᠠᠰᠢᠭ ᠤᠨ ᠬᠠᠮᠲᠤᠪᠠᠷ | ᠠᠰᠢᠭ ᠬᠦᠷᠳᠡᠬᠦ ᠶᠢ ᠪᠡᠶᠡᠯᠡᠭᠦᠯᠬᠦ ᠪᠣᠯᠤᠨ᠎ᠠ᠃ | | | | | | ᠲᠦᠢᠮᠣ ᠪᠠᠶᠢᠳᠠᠯ | ᠠᠯᠠᠱᠠ ᠪᠠᠷᠠᠭᠤᠨ ᠬᠤᠰᠢᠭᠤᠨ ᠤ ᠬᠠᠷᠢᠶᠠᠨ ᠳᠠᠬᠢ ᠪᠠᠯᠭᠠᠰᠤ᠃ ᠬᠤᠰᠢᠭᠤᠨ ᠤ ᠵᠠᠰᠠᠭ ᠤᠨ ᠣᠷᠳᠣᠨ ᠤ | ᠰᠠᠭᠤᠭ᠎ᠠ ᠭᠠᠵᠠᠷ᠂ ᠪᠥᠬᠦ ᠬᠤᠰᠢᠭᠤᠨ ᠤ ᠤᠯᠤᠰ ᠲᠥᠷᠥ᠂ ᠠᠵᠤ ᠠᠬᠤᠶ᠂ ᠰᠣᠶᠣᠯ ᠪᠠ ᠨᠡᠶᠢᠭᠡᠮ ᠤᠨ | ᠠᠵᠢᠯᠯᠠᠭᠠᠨ ᠤ ᠲᠥᠪ ᠪᠣᠯᠤᠨ᠎ᠠ᠃ ᠬᠤᠰᠢᠭᠤᠨ ᠤ ᠬᠢᠯᠢ ᠶᠢᠨ ᠪᠠᠷᠠᠭᠤᠨ ᠡᠮᠦᠨ᠎ᠡ ᠬᠡᠰᠡᠭ ᠲᠤ ᠪᠠᠶᠢᠷᠢᠰᠢᠵᠤ᠂ ᠵᠡᠭᠦᠨ | ᠤᠷᠳᠤᠷᠢᠭ ᠨᠢ 101°30′-102°05′᠂ ᠤᠮᠠᠷᠠᠲᠤ ᠥᠷᠭᠡᠷᠢᠭ ᠤᠨ 38°46′-39°15′ | ᠪᠠᠶᠢᠵᠤ᠂ ᠠᠶᠢᠮᠠᠭ ᠤᠨ ᠵᠠᠬᠢᠷᠭ᠎ᠠ ᠠᠴᠠ 347.5 ᠺᠢᠯᠣᠮᠧᠲᠷ ᠵᠠᠶᠢᠲᠠᠶ ᠪᠠᠶᠢᠵᠤ᠂ ᠭᠠᠨᠰᠦ ᠮᠤᠵᠢ ᠶᠢᠨ ᠵᠢᠩ ᠴᠠᠩ᠂ | ᠮᠢᠩ ᠴᠢᠨ᠂ ᠶᠥᠩ ᠴᠠᠩ᠂ ᠱᠠᠨ ᠳ᠋ᠠᠨ ᠵᠡᠷᠭᠡ ᠰᠢᠶᠠᠨ ᠬᠤᠲᠠ ᠲᠠᠢ ᠵᠠᠬ᠎ᠠ ᠨᠡᠶᠢᠯᠡᠵᠦ᠂ ᠶᠡᠷᠦᠩᠬᠡᠶ ᠲᠠᠯᠠᠪᠠᠶ ᠨᠢ | 6859 ᠲᠡᠭᠰᠢ ᠳᠥᠷᠪᠡᠯᠵᠢᠨ ᠺᠢᠯᠣᠮᠧᠲᠷ᠂ ᠪᠠᠯᠭᠠᠰᠤᠨ ᠤ ᠲᠣᠭᠤᠷᠢᠭ ᠤᠨ ᠲᠥᠯᠥᠪᠵᠢᠭᠦᠯᠦᠭᠰᠡᠨ ᠲᠠᠯᠠᠪᠠᠶ ᠨᠢ 10 | ᠲᠡᠭᠰᠢ ᠳᠥᠷᠪᠡᠯᠵᠢᠨ ᠺᠢᠯᠣᠮᠧᠲᠷ ᠪᠣᠯᠤᠨ᠎ᠠ᠃ ᠪᠠᠶᠢᠩᠭᠤ ᠰᠠᠭᠤᠭ᠎ᠠ ᠬᠥᠮᠦᠨ ᠠᠮᠠ 0.67 ᠲᠦᠮᠡᠨ ᠡᠷᠦᠬᠡ᠂ 1.7 | ᠲᠦᠮᠡᠨ ᠬᠥᠮᠦᠨ᠂ ᠴᠥᠭᠡᠨ ᠲᠣᠭᠠᠲᠤ ᠦᠨᠳᠦᠰᠦᠲᠡᠨ 3708 ᠬᠥᠮᠦᠨ᠂ 5 ᠨᠡᠶᠢᠭᠡᠮ ᠲᠣᠭᠤᠷᠢᠭ᠂ 3 | ᠭᠠᠴᠠᠭ᠎ᠠ ᠲᠠᠢ᠃ ᠡᠭᠦᠨ ᠳᠤ᠂ ᠶᠠᠩ ᠭᠤᠸᠠᠩ ᠨᠡᠶᠢᠭᠡᠮ ᠲᠣᠭᠤᠷᠢᠭ ᠤᠨ 1606 ᠡᠷᠦᠬᠡ ᠶᠢᠨ 3887 ᠬᠥᠮᠦᠨ᠂ | ᠴᠥᠭᠡᠨ ᠲᠣᠭᠠᠲᠤ ᠦᠨᠳᠦᠰᠦᠲᠡᠨ 652 ᠬᠥᠮᠦᠨ ᠪᠣᠶ︔ ᠴᠠᠩ ᠱᠠᠨ ᠨᠡᠶᠢᠭᠡᠮ ᠲᠣᠭᠤᠷᠢᠭ ᠤᠨ 849 | ᠡᠷᠦᠬᠡ ᠶᠢᠨ 2260 ᠬᠥᠮᠦᠨ᠂ ᠴᠥᠭᠡᠨ ᠲᠣᠭᠠᠲᠤ ᠦᠨᠳᠦᠰᠦᠲᠡᠨ 77 ᠬᠥᠮᠦᠨ︔ ᠲᠠᠢ ᠯᠦᠩ ᠨᠡᠶᠢᠭᠡᠮ | ᠲᠣᠭᠤᠷᠢᠭ ᠤᠨ 746 ᠡᠷᠦᠬᠡ ᠶᠢᠨ 2356 ᠬᠥᠮᠦᠨ᠂ ᠴᠥᠭᠡᠨ ᠲᠣᠭᠠᠲᠤ ᠦᠨᠳᠦᠰᠦᠲᠡᠨ 364 ᠬᠥᠮᠦᠨ︔ | ᠪᠦᠯᠬᠦᠮᠳᠡᠯ ᠨᠡᠶᠢᠭᠡᠮ ᠲᠣᠭᠤᠷᠢᠭ ᠤᠨ 1013 ᠡᠷᠦᠬᠡ ᠶᠢᠨ 2576 ᠬᠥᠮᠦᠨ᠂ ᠴᠥᠭᠡᠨ ᠲᠣᠭᠠᠲᠤ ᠦᠨᠳᠦᠰᠦᠲᠡᠨ | 979 ᠬᠥᠮᠦᠨ︔ ᠮᠠᠨᠳᠠ ᠨᠡᠶᠢᠭᠡᠮ ᠲᠣᠭᠤᠷᠢᠭ ᠤᠨ 1640 ᠡᠷᠦᠬᠡ ᠶᠢᠨ 4667 ᠬᠥᠮᠦᠨ᠂ ᠴᠥᠭᠡᠨ ᠲᠣᠭᠠᠲᠤ | ᠦᠨᠳᠦᠰᠦᠲᠡᠨ 1377 ᠬᠥᠮᠦᠨ︔ ᠡᠬᠢᠨᠬᠤᠳᠳᠤᠭ ᠭᠠᠴᠠᠭᠠᠨ ᠤ 80 ᠡᠷᠦᠬᠡ ᠶᠢᠨ 278 ᠬᠥᠮᠦᠨ᠂ ᠴᠥᠭᠡᠨ | ᠲᠣᠭᠠᠲᠤ ᠦᠨᠳᠦᠰᠦᠲᠡᠨ 6 ᠬᠥᠮᠦᠨ︔ ᠪᠠᠶᠠᠠᠪᠦ᠋ᠷᠢᠭ ᠭᠠᠴᠠᠭᠠᠨ ᠤ 119 ᠡᠷᠦᠬᠡ ᠶᠢᠨ 315 ᠬᠥᠮᠦᠨ᠂ ᠴᠥᠭᠡᠨ | ᠲᠣᠭᠠᠲᠤ ᠦᠨᠳᠦᠰᠦᠲᠡᠨ 161 ᠬᠥᠮᠦᠨ︔ ᠠᠷᠤᠮᠤᠳᠤ ᠭᠠᠴᠠᠭᠠᠨ ᠤ 272 ᠡᠷᠦᠬᠡ ᠶᠢᠨ 613 ᠬᠥᠮᠦᠨ᠂ | ᠴᠥᠭᠡᠨ ᠲᠣᠭᠠᠲᠤ ᠦᠨᠳᠦᠰᠦᠲᠡᠨ 92 ᠬᠥᠮᠦᠨ᠃ ᠮᠠᠯᠴᠢᠨ ᠲᠠᠷᠢᠶᠠᠴᠢᠨ ᠤ ᠬᠥᠮᠦᠨ ᠳᠤᠮᠳᠠᠴᠢ ᠶᠢᠨ ᠴᠡᠪᠡᠷ | ᠣᠷᠣᠯᠭ᠎ᠠ 13024 ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 17% ᠨᠡᠮᠡᠭᠳᠡᠪᠡ᠃ | ᠪᠠᠳᠠᠶ ᠶᠢᠨ ᠵᠢᠷᠠᠨ ᠤ ᠡᠯᠡᠰᠦᠨ ᠴᠥᠯ ᠪᠣᠯ ᠪᠠᠶᠢᠭᠠᠯᠢ ᠶᠢᠨ ᠵᠢᠭᠤᠯᠴᠢᠯᠠᠯ ᠤᠨ ᠦᠵᠡᠮᠵᠢᠲᠦ ᠣᠷᠣᠨ ᠪᠠᠶᠢᠵᠤ᠂ | ᠬᠠᠴᠢᠨ ᠣᠷᠭᠢᠯ᠂ ᠳᠠᠭᠤᠲᠤ ᠡᠯᠡᠰᠦ᠂ ᠨᠠᠭᠤᠷ ᠴᠥᠭᠦᠷᠥᠮ᠂ ᠬᠤᠪᠢᠯᠭᠠᠨ ᠪᠤᠯᠠᠭ᠂ ᠰᠦᠮ᠎ᠡ ᠬᠡᠶᠢᠳ ᠢ ᠪᠠᠳᠠᠶ ᠶᠢᠨ | ᠵᠢᠷᠠᠨ ᠤ ︽ᠲᠠᠪᠤᠨ ᠲᠠᠰᠤᠷᠬᠠᠶ︾ ᠭᠡᠳᠡᠭ᠃ ᠰᠠᠯᠬᠢᠨ ᠤ ᠬᠦᠴᠦᠨ ᠤ ᠨᠥᠯᠥᠭᠡᠯᠡᠯ ᠢᠶᠠᠷ᠂ ᠡᠯᠡᠰᠦᠨ ᠳᠣᠪᠤ ᠨᠢ | ᠨᠡᠯᠦᠭᠡᠷ ᠲᠡᠯᠡᠶ ᠶᠢᠨ ᠠᠪᠤᠷᠭᠤ ᠳᠠᠪᠠᠯᠭᠠᠨ᠂ ᠥᠨᠳᠥᠷ ᠰᠦᠷᠯᠢᠭ ᠡᠷᠲᠡᠨ ᠤ ᠰᠤᠪᠤᠷᠭ᠎ᠠ ᠶᠢᠨ ᠭᠠᠶᠢᠬᠠᠮᠰᠢᠭᠲᠤ | ᠦᠵᠡᠮᠵᠢ ᠲᠠᠢ ᠪᠠᠶᠢᠳᠠᠭ᠃ ᠪᠠᠳᠠᠶ ᠶᠢᠨ ᠵᠢᠷᠠᠨ ᠤ ᠡᠯᠡᠰᠦᠨ ᠴᠥᠯ ᠨᠢ ᠠᠯᠠᠱᠠ ᠪᠠᠷᠠᠭᠤᠨ ᠬᠤᠰᠢᠭᠤᠨ ᠤ ᠶᠡᠷᠦᠩᠬᠡᠶ | ᠲᠠᠯᠠᠪᠠᠶ ᠶᠢᠨ 39% ᠶᠢ ᠡᠵᠡᠯᠡᠵᠦ᠂ ᠬᠠᠷᠢᠴᠠᠩᠭᠤᠶ ᠥᠨᠳᠥᠷ ᠤᠨ ᠬᠡᠮᠵᠢᠶ᠎ᠡ ᠨᠢ 200 ~ 500 ᠮᠧᠲᠷ ᠪᠠᠶᠢᠵᠤ᠂ | ᠳᠤᠮᠳᠠᠳᠤ ᠤᠯᠤᠰ ᠴᠢᠨᠠᠭᠰᠢᠯᠠᠪᠠᠯ ᠳᠡᠯᠡᠬᠡᠶ ᠶᠢᠨ ᠬᠠᠮᠤᠭ ᠥᠨᠳᠥᠷ ᠡᠯᠡᠰᠦᠨ ᠲᠣᠪᠤ ᠶᠢᠨ ᠪᠠᠶᠢᠭ᠎ᠠ ᠭᠠᠵᠠᠷ ᠪᠣᠯᠤᠨ᠎ᠠ᠃ | ᠪᠣᠷᠣ ᠲᠣᠯᠣᠭᠠᠶ ᠶᠢᠨ ᠮᠢᠩ ᠱᠠ ᠱᠠᠨ ᠴᠤᠬᠢᠶ᠎ᠠ ᠶᠢᠨ ᠥᠨᠳᠥᠷ ᠨᠢ 200 ᠭᠠᠷᠤᠶ ᠮᠧᠲᠷ ᠲᠤ ᠬᠦᠷᠴᠦ᠂ ᠴᠤᠬᠢᠶᠠᠨ | ᠨᠢᠷᠤᠭᠤ ᠨᠢ ᠡᠭᠴᠡ ᠠᠰᠬ᠎ᠠ᠂ ᠡᠯᠡᠰᠦᠨ ᠬᠢᠷ᠎ᠠ ᠨᠢ ᠢᠷ ᠲᠠᠢ ᠠᠳᠠᠯᠢ᠂ ᠥᠨᠳᠥᠷ ᠪᠣᠭᠤᠨᠢ ᠨᠢ ᠰᠣᠯᠪᠢᠴᠠᠵᠤ᠂ | ᠡᠯᠡᠰᠦ ᠬᠠᠯᠲᠤᠷᠢᠬᠤ ᠳᠠᠭᠤᠨ ᠨᠢ ᠬᠡᠳᠦᠨ ᠺᠢᠯᠣᠮᠧᠲᠷ ᠲᠤ ᠳᠠᠭᠤᠷᠢᠰᠴᠤ᠂ ︽ᠳᠡᠯᠡᠬᠡᠶ ᠶᠢᠨ ᠳᠠᠭᠤᠲᠤ ᠡᠯᠡᠰᠦᠨ ᠤ | ᠸᠠᠩᠲᠤ ᠤᠯᠤᠰ︾ ᠭᠡᠰᠡᠨ ᠰᠠᠶᠢᠬᠠᠨ ᠠᠯᠳᠠᠷᠲᠠᠶ ᠶᠤᠮ᠃ ᠡᠯᠡᠰᠦᠨ ᠴᠥᠯ ᠳᠠᠬᠢ ᠨᠠᠭᠤᠷ ᠴᠥᠭᠦᠷᠥᠮ ᠨᠢ ᠣᠳᠣᠨ | ᠮᠡᠴᠢᠳ ᠰᠢᠭ ᠲᠦᠭᠡᠵᠦ᠂ 113 ᠭᠠᠷᠤᠶ ᠪᠠᠶᠢᠵᠤ᠂ ᠡᠭᠦᠨ ᠤ ᠳᠣᠲᠣᠷ᠎ᠠ ᠵᠢᠯ ᠲᠤᠷᠰᠢ ᠤᠰᠤ ᠲᠠᠢ ᠨᠠᠭᠤᠷ 74᠂ | ᠴᠡᠩᠭᠡᠭ ᠨᠠᠭᠤᠷ 12 ᠪᠠᠶᠢᠵᠤ᠂ ᠶᠡᠷᠦᠩᠬᠡᠶ ᠤᠰᠤᠨ ᠤ ᠨᠢᠭᠤᠷ ᠨᠢ 4.9 ᠲᠦᠮᠡᠨ ᠮᠥ ᠪᠠᠶᠢᠵᠤ᠂ ᠨᠠᠭᠤᠷ | ᠴᠥᠭᠦᠷᠥᠮ ᠳᠤ ᠬᠤᠯᠤᠰᠤ ᠰᠥᠭᠡᠭᠯᠡᠨ᠂ ᠤᠰᠤᠨ ᠤ ᠰᠢᠪᠠᠭᠤ ᠨᠠᠭᠠᠳᠤᠨ᠂ ᠵᠢᠭᠠᠰᠤ ᠬᠠᠯᠢᠨ ᠨᠢᠰᠴᠦ᠂ ︽ | ᠭᠤᠪᠢ ᠶᠢᠨ ᠵᠢᠶᠠᠩ ᠨᠠᠨ︾ ᠭᠡᠰᠡᠨ ᠰᠠᠶᠢᠬᠠᠨ ᠠᠯᠳᠠᠷᠲᠠᠶ ᠶᠤᠮ᠃ ᠡᠯᠡᠰᠦᠨ ᠴᠥᠯ ᠤᠨ ᠵᠡᠭᠦᠨ ᠬᠡᠰᠡᠭ ᠪᠠ | ᠪᠠᠷᠠᠭᠤᠨ ᠡᠮᠦᠨ᠎ᠡ ᠵᠠᠬ᠎ᠠ᠂ ᠨᠡᠯᠦᠭᠡᠷ ᠶᠡᠭᠡ ᠭᠤᠪᠢ ᠳᠤ ᠬᠥᠪᠡᠭᠡ ᠬᠢᠵᠠᠭᠠᠷ ᠨᠢ ᠬᠠᠷᠠᠭᠳᠠᠬᠤ ᠥᠬᠡᠶ᠂ ᠬᠡᠯᠪᠡᠷᠢ | ᠳᠦᠷᠰᠦ ᠨᠢ ᠬᠠᠴᠢᠨ ᠰᠣᠨᠢᠨ ᠥᠭᠢᠷᠡᠰᠢᠭᠰᠡᠨ ᠴᠢᠯᠠᠭᠤᠨ ᠣᠶ᠂ ᠰᠠᠯᠬᠢᠨ ᠳᠤ ᠢᠳᠡᠭᠳᠡᠭᠰᠡᠨ ᠮᠥᠭᠦ ᠶᠢᠨ ᠴᠢᠯᠠᠭᠤ᠂ | ᠵᠦᠭᠡᠢ ᠶᠢᠨ ᠡᠭᠦᠷ ᠤᠨ ᠴᠢᠯᠠᠭᠤ᠂ ᠰᠠᠯᠬᠢᠨ ᠳᠤ ᠢᠳᠡᠭᠳᠡᠭᠰᠡᠨ ᠴᠢᠯᠠᠭᠤᠨ ᠪᠠᠭᠠᠨ᠎ᠠ᠂ ᠶᠡᠭᠡ ᠬᠠᠪᠴᠢᠯ ᠵᠡᠷᠭᠡ | ᠭᠠᠵᠠᠷ ᠤᠨ ᠲᠥᠷᠬᠦ ᠨᠢ ᠬᠥᠮᠦᠰ ᠢ ᠭᠠᠶᠢᠬᠠᠰᠢ ᠠᠯᠳᠠᠭᠤᠯᠤᠨ᠎ᠠ᠃ ᠠᠩ ᠠᠩᠨᠠᠯ ᠪᠠ ᠮᠠᠯ ᠠᠵᠤ ᠠᠬᠤᠶ ᠶᠢᠨ | ᠠᠮᠢᠳᠤᠷᠠᠯ ᠢ ᠠᠮᠢᠳᠤᠯᠢᠭ ᠢᠶᠠᠷ ᠲᠡᠮᠳᠡᠭᠯᠡᠭᠰᠡᠨ ᠮᠠᠨᠳᠤᠯ ᠠᠭᠤᠯᠠ ᠶᠢᠨ ᠬᠠᠲᠠᠨ ᠵᠢᠷᠤᠭ ᠢ ︽ᠤᠷᠠᠨ ᠵᠢᠷᠤᠭ ᠤᠨ | ᠶᠢᠷᠲᠢᠨᠴᠦ ᠶᠢᠨ ᠠᠮᠢᠳᠤ ᠴᠢᠯᠠᠭᠤᠵᠢᠮᠠᠯ︾ ᠭᠡᠳᠡᠭ᠃ | | | | | | ᠤᠯᠠᠷᠢᠨ ᠬᠤᠪᠢᠰᠤᠯ | ︿ᠪᠠᠳᠠᠢ ᠶᠢᠨ ᠵᠢᠷᠠᠨ﹀ ᠭᠡᠳᠡᠭ ᠪᠣᠯ ᠮᠣᠩᠭᠤᠯ ᠦᠭᠡ᠂ ︿ᠪᠠᠳᠠᠢ﹀ ᠭᠡᠳᠡᠭ ᠪᠣᠯ ᠪᠠᠳᠠᠢ ︵ᠬᠥᠮᠦᠨ ᠤ ᠨᠡᠷ᠎ᠡ︶ | ᠠᠴᠠ ᠤᠯᠠᠷᠢᠵᠤ ᠢᠷᠡᠭᠰᠡᠨ ᠦᠭᠡ᠂ ︿ᠵᠢᠷᠠᠨ﹀ ᠭᠡᠳᠡᠭ ᠪᠣᠯ ᠲᠣᠭᠠᠨ ᠤ ᠨᠡᠷᠡᠶᠢᠳᠦᠯ᠂ ᠳᠠᠷᠤᠶ ᠵᠢᠷᠠ ᠪᠣᠯᠤᠨ᠎ᠠ᠃ | ᠬᠡᠳᠦᠨ ᠵᠠᠭᠤᠨ ᠵᠢᠯ ᠤᠨ ᠡᠮᠦᠨ᠎ᠡ᠂ ᠪᠠᠳᠠᠢ ᠭᠡᠳᠡᠭ ᠨᠡᠷ᠎ᠡ ᠲᠠᠢ ᠨᠢᠭᠡ ᠮᠠᠯᠴᠢᠨ ᠪᠠᠳᠠᠢ ᠶᠢᠨ ᠵᠢᠷᠠᠨ ᠤ ᠡᠯᠡᠰᠦᠨ | ᠴᠦᠯ ᠤᠨ ᠶᠡᠭᠡ ᠡᠯᠡᠰᠦᠨ ᠴᠤᠬᠢᠶ᠎ᠠ ᠶᠢᠨ ᠬᠠᠵᠠᠭᠤ ᠳᠤ ᠰᠠᠭᠤᠷᠢᠰᠢᠵᠤ᠂ ᠬᠦᠴᠢᠷ ᠪᠡᠷᠬᠡᠰᠢᠶᠡᠯ ᠢ ᠲᠤᠭᠤᠯᠤᠨ ᠡᠨᠡ ᠬᠦ | ᠡᠯᠡᠰᠦᠨ ᠴᠦᠯ ᠤᠨ ᠳᠣᠲᠣᠷ᠎ᠠ ᠠᠴᠠ ᠵᠢᠷᠠᠨ ᠶᠡᠭᠡ ᠪᠠᠭ᠎ᠠ ᠨᠢ ᠠᠳᠠᠯᠢ ᠪᠤᠰᠤ ᠨᠠᠭᠤᠷ ᠢᠯᠡᠷᠡᠭᠦᠯᠪᠡ᠂ ᠬᠤᠵᠢᠮ ᠤᠨ | ᠬᠥᠮᠦᠰ ᠲᠡᠭᠦᠨ ᠢ ᠳᠤᠷᠠᠰᠬᠠᠬᠤ ᠶᠢᠨ ᠲᠥᠯᠥᠭᠡ ᠪᠠᠳᠠᠢ ᠶᠢᠨ ᠵᠢᠷᠠᠨ ᠤ ᠡᠯᠡᠰᠦᠨ ᠴᠦᠯ ᠭᠡᠵᠦ ᠨᠡᠷᠡᠶᠢᠳᠪᠡ᠃ ︿ | ᠡᠬᠢᠨᠬᠤᠳᠳᠤᠭ﹀ ᠭᠡᠳᠡᠭ ᠪᠣᠯ ᠮᠣᠩᠭᠤᠯ ᠬᠡᠯᠡᠨ ᠤ ᠠᠪᠢᠶᠠᠴᠢᠯᠠᠭᠰᠠᠨ ᠳᠠᠭᠤᠳᠠᠯᠭ᠎ᠠ᠂ ︿ᠳᠡᠭᠡᠳᠦ ᠬᠤᠳᠳᠤᠭ﹀ | ᠪᠤᠶᠤ ︿ᠠᠩᠬᠠᠨ ᠤ ᠬᠤᠳᠳᠤᠭ﹀ ᠭᠡᠰᠡᠨ ᠤᠳᠬ᠎ᠠ ᠲᠠᠢ᠃ | | | | | 1965 ᠣᠨ ᠤ 9 ᠰᠠᠷ᠎ᠠ ᠳᠤ᠂ ᠠᠯᠠᠱᠠ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠰᠠᠭᠤᠭ᠎ᠠ | ᠭᠠᠵᠠᠷ ᠢᠶᠠᠨ ᠡᠬᠢᠨᠬᠤᠳᠳᠤᠭ ᠲᠤ ᠨᠡᠭᠦᠯᠭᠡᠪᠡ᠃ 1979 ᠣᠨ ᠤ 11 ᠰᠠᠷ᠎ᠠ ᠳᠤ ᠡᠬᠢᠨᠬᠤᠳᠳᠤᠭ ᠪᠠᠯᠭᠠᠰᠤ ᠶᠢ | ᠪᠠᠶᠢᠭᠤᠯᠵᠤ᠂ ᠲᠠᠯᠠᠪᠠᠶ ᠨᠢ 707 ᠲᠡᠭᠰᠢ ᠳᠥᠷᠪᠡᠯᠵᠢᠨ ᠺᠢᠯᠣᠮᠧᠲᠷ᠂ ᠬᠥᠮᠦᠨ ᠠᠮᠠ ᠨᠢ 1 ᠲᠦᠮᠡᠨ ᠬᠥᠮᠦᠨ | ᠪᠠᠶᠢᠵᠤ᠂ ᠮᠣᠩᠭᠤᠯ ᠦᠨᠳᠦᠰᠦᠲᠡᠨ 16% ᠶᠢ ᠡᠵᠡᠯᠡᠵᠦ᠂ ᠪᠠᠶᠠᠨᠭᠤᠣᠯ᠂ ᠡᠬᠢᠨᠬᠤᠳᠳᠤᠭ 2 ᠭᠠᠴᠠᠭ᠎ᠠ ᠪᠠ 4 | ᠰᠠᠭᠤᠭᠠᠯᠢ ᠠᠷᠠᠳ ᠤᠨ ᠵᠥᠪᠯᠡᠯ ᠢ ᠬᠠᠷᠢᠶᠠᠯᠠᠭᠤᠯᠪᠠ᠃ 1999 ᠣᠨ ᠳᠤ᠂ ᠪᠠᠶᠠᠠᠦ᠋ᠨᠳᠦᠷ ᠰᠤᠮᠤ ᠶᠢ ᠬᠠᠰᠤᠵᠤ᠂ | ᠡᠬᠢᠨᠬᠤᠳᠳᠤᠭ ᠪᠠᠯᠭᠠᠰᠤ ᠶᠢ ᠨᠡᠶᠢᠯᠡᠭᠦᠯᠵᠦ᠂ ᠪᠠᠶᠠᠨᠭᠤᠣᠯ᠂ ᠡᠬᠢᠨᠬᠤᠳᠳᠤᠭ᠂ ᠠᠷᠤᠮᠤᠳᠤ᠂ ᠪᠠᠶᠠᠨᠪᠤᠯᠠᠭ ᠵᠡᠷᠭᠡ 4 | ᠭᠠᠴᠠᠭ᠎ᠠ ᠪᠣᠯᠤᠨ 4 ᠰᠠᠭᠤᠭᠠᠯᠢ ᠠᠷᠠᠳ ᠤᠨ ᠵᠥᠪᠯᠡᠯ ᠢ ᠬᠠᠷᠢᠶᠠᠯᠠᠭᠤᠯᠪᠠ᠃ 2002 ᠣᠨ ᠤ 5 ᠰᠠᠷ᠎ᠠ ᠳᠤ᠂ | ᠪᠠᠶᠠᠠᠭᠤᠤᠯ ᠤᠨ ᠬᠠᠮᠢᠶᠠᠷᠤᠯᠲᠠ ᠶᠢᠨ ᠵᠥᠪᠯᠡᠯ ᠢ ᠪᠠᠶᠢᠭᠤᠯᠵᠤ᠂ ᠪᠠᠶᠠᠨᠭᠤᠣᠯ ᠭᠠᠴᠠᠭ᠎ᠠ ᠶᠢ ᠬᠠᠮᠲᠤ ᠳᠤᠨᠢ | ᠬᠤᠪᠢᠶᠠᠷᠢᠯᠠᠨ ᠣᠷᠣᠭᠤᠯᠬᠤ ᠶᠢᠨ ᠬᠠᠮᠲᠤ᠂ ᠠᠷᠤᠮᠤᠳᠤ ᠭᠠᠴᠠᠭ᠎ᠠ ᠶᠢ ᠨᠦᠦᠷᠭᠡᠢ ᠰᠣᠮᠣᠨ ᠳᠤ ᠬᠤᠪᠢᠶᠠᠷᠢᠯᠠᠨ | ᠥᠭᠴᠦ᠂ ᠲᠣᠰ ᠵᠢᠯ ᠤᠨ 11 ᠰᠠᠷ᠎ᠠ ᠳᠤ ᠰᠠᠭᠤᠭᠠᠯᠢ ᠠᠷᠠᠳ ᠤᠨ ᠵᠥᠪᠯᠡᠯ ᠢ 1 ᠰᠢᠨ᠎ᠡ ᠪᠠᠷ ᠨᠡᠮᠡᠵᠦ᠂ | ᠨᠢᠭᠡᠳᠦᠬᠢ ᠠᠴᠠ ᠲᠠᠪᠤᠳᠠᠬᠢ ᠰᠠᠭᠤᠭᠠᠯᠢ ᠠᠷᠠᠳ ᠤᠨ ᠵᠥᠪᠯᠡᠯ᠂ ᠡᠬᠢᠨᠬᠤᠳᠳᠤᠭ᠂ ᠪᠠᠶᠠᠨᠪᠤᠯᠠᠭ 2 ᠭᠠᠴᠠᠭ᠎ᠠ ᠶᠢ | ᠬᠠᠷᠢᠶᠠᠯᠠᠭᠤᠯᠪᠠ᠃ 2005 ᠣᠨ ᠤ 12 ᠰᠠᠷ᠎ᠠ ᠳᠤ᠂ ᠡᠷᠪᠡᠬᠡᠢ ᠰᠤᠮᠤ ᠶᠢ ᠬᠠᠰᠤᠵᠤ᠂ ᠡᠬᠢᠨᠬᠤᠳᠳᠤᠭ | ᠪᠠᠯᠭᠠᠰᠤ ᠲᠠᠢ ᠨᠡᠶᠢᠯᠡᠭᠦᠯᠵᠦ᠂ 5 ᠨᠡᠶᠢᠭᠡᠮ ᠲᠣᠭᠤᠷᠢᠭ᠂ 6 ᠭᠠᠴᠠᠭ᠎ᠠ ᠶᠢ ᠬᠠᠷᠢᠶᠠᠯᠠᠭᠤᠯᠪᠠ᠃ 2011 ᠣᠨ ᠤ 5 | ᠰᠠᠷ᠎ᠠ ᠳᠤ᠂ ᠪᠠᠳᠠᠢ ᠶᠢᠨ ᠵᠢᠷᠠᠨ ᠪᠠᠯᠭᠠᠰᠤ ᠭᠡᠵᠦ ᠨᠡᠷ᠎ᠡ ᠪᠠᠨ ᠬᠠᠯᠠᠵᠤ᠂ 6 ᠰᠠᠷ᠎ᠠ ᠳᠤ ᠠᠷᠤᠮᠤᠳᠤ ᠭᠠᠴᠠᠭ᠎ᠠ ᠶᠢ | ᠪᠠᠰᠠ ᠪᠠᠳᠠᠢ ᠶᠢᠨ ᠵᠢᠷᠠᠨ ᠪᠠᠯᠭᠠᠰᠤᠨ ᠳᠤ ᠬᠤᠪᠢᠶᠠᠷᠢᠯᠠᠨ ᠣᠷᠣᠭᠤᠯᠵᠤ᠂ 5 ᠨᠡᠶᠢᠭᠡᠮ ᠲᠣᠭᠤᠷᠢᠭ᠂ 7 ᠭᠠᠴᠠᠭ᠎ᠠ ᠶᠢ | ᠬᠠᠷᠢᠶᠠᠯᠠᠭᠤᠯᠪᠠ᠃ 2012 ᠣᠨ ᠤ 5 ᠰᠠᠷ᠎ᠠ ᠳᠤ᠂ ᠪᠠᠳᠠᠢ ᠶᠢᠨ ᠵᠢᠷᠠᠨ ᠪᠠᠯᠭᠠᠰᠤᠨ ᠤ ᠤᠯᠠᠭᠠᠨᠲᠠᠲᠠᠯᠠ᠂ | ᠤᠯᠠᠨᠪᠤᠯᠠᠭ᠂ ᠰᠢᠪᠠᠷᠲᠠᠢ᠂ ᠰᠤᠪᠤᠷᠭ᠎ᠠ ᠵᠡᠷᠭᠡ 4 ᠭᠠᠴᠠᠭ᠎ᠠ ︵ᠨᠡᠶᠢᠳᠡ 3500 ᠲᠡᠭᠰᠢ ᠳᠥᠷᠪᠡᠯᠵᠢᠨ ᠺᠢᠯᠣᠮᠧᠲᠷ᠂ | 1300 ᠬᠥᠮᠦᠨ︶ ᠶᠢ ᠪᠠᠶᠠᠨᠭᠤᠣᠯ ᠤᠨ ᠬᠠᠮᠢᠶᠠᠷᠤᠯᠲᠠ ᠶᠢᠨ ᠵᠥᠪᠯᠡᠯ ᠳᠤ ᠣᠷᠣᠭᠤᠯᠪᠠ᠂ ᠲᠤᠬᠠᠶᠢᠯᠠᠪᠠᠯ | ᠪᠠᠶᠠᠨᠭᠤᠣᠯ ᠰᠤᠮᠤ ᠶᠢ ᠪᠠᠶᠢᠭᠤᠯᠪᠠ᠃ | | | | | ᠤᠤᠯ ᠤᠨ ᠪᠠᠶᠠᠠᠦ᠋ᠨᠳᠦᠷ ᠰᠤᠮᠤ ᠠᠯᠠᠱᠠ ᠪᠠᠷᠠᠭᠤᠨ ᠬᠤᠰᠢᠭᠤᠨ ᠤ ᠰᠣᠮᠣᠨ ᠳᠤ ᠬᠠᠷᠢᠶᠠᠯᠠᠭᠳᠠᠵᠤ ᠪᠠᠶᠢᠪᠠ᠃ | ᠬᠤᠰᠢᠭᠤᠨ ᠤ ᠬᠢᠯᠢ ᠶᠢᠨ ᠡᠮᠦᠨ᠎ᠡ ᠬᠡᠰᠡᠭ ᠲᠤ ᠪᠠᠶᠢᠷᠢᠯᠠᠳᠠᠭ᠃ ︿ᠪᠠᠶᠠᠠᠦ᠋ᠨᠳᠦᠷ﹀ ᠭᠡᠳᠡᠭ ᠨᠢ ᠮᠣᠩᠭᠤᠯ ᠬᠡᠯᠡᠨ ᠤ | ᠠᠪᠢᠶᠠᠴᠢᠯᠠᠭᠰᠠᠨ ᠳᠠᠭᠤᠳᠠᠯᠭ᠎ᠠ ︿ᠥᠨᠢᠷ ᠪᠠᠶᠠᠯᠢᠭ ᠥᠨᠳᠥᠷ ᠠᠭᠤᠯᠠ﹀ ᠭᠡᠰᠡᠨ ᠤᠳᠬ᠎ᠠ ᠲᠠᠢ᠃ 1958 | ᠣᠨ ᠳᠤ ᠪᠠᠶᠠᠠᠦ᠋ᠨᠳᠦᠷ ᠨᠢᠭᠡᠳᠦᠯ ᠢ ᠪᠠᠶᠢᠭᠤᠯᠵᠤ᠂ 1984 ᠣᠨ ᠳᠤ ᠰᠤᠮᠤ ᠪᠠᠶᠢᠭᠤᠯᠪᠠ᠃ 1996 ᠣᠨ ᠳᠤ | ᠲᠠᠯᠠᠪᠠᠶ ᠨᠢ 4964 ᠲᠡᠭᠰᠢ ᠳᠥᠷᠪᠡᠯᠵᠢᠨ ᠺᠢᠯᠣᠮᠧᠲᠷ᠂ ᠬᠥᠮᠦᠨ ᠠᠮᠠ ᠨᠢ 0.1 ᠲᠦᠮᠡᠨ ᠬᠥᠮᠦᠨ ᠪᠣᠯᠵᠤ᠂ | ᠮᠣᠩᠭᠤᠯ ᠦᠨᠳᠦᠰᠦᠲᠡᠨ 31.8% ᠶᠢ ᠡᠵᠡᠯᠡᠵᠦ᠂ ᠠᠷᠤᠮᠤᠳᠤ᠂ ᠰᠤᠬᠠᠶᠢᠲᠤ᠂ ᠪᠠᠶᠠᠨᠪᠤᠯᠠᠭ᠂ ᠴᠠᠭᠠᠨ ᠲᠦᠩᠬᠡ | ᠵᠡᠷᠭᠡ 4 ᠭᠠᠴᠠᠭ᠎ᠠ ᠶᠢ ᠬᠠᠷᠢᠶᠠᠯᠠᠵᠤ ᠪᠠᠶᠢᠪᠠ᠃ | | | | | |