ᠮᠢᠨᠦ ᠳᠡᠷᠭᠡᠳᠡᠬᠢ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠯᠢᠭᠡᠷ᠄ ᠴᠠᠭᠳᠠᠭ᠎ᠠ ᠠᠷᠠᠳ ᠨᠢᠭᠡ ᠰᠡᠳᠬᠢᠯ ᠨᠢᠭᠡ ᠭᠡᠷ ᠤᠨ ᠬᠥᠮᠦᠨ ᠮᠡᠲᠦ ᠳᠣᠲᠣᠨᠣ
ᠨᠡᠶᠢᠲᠡᠯᠡᠭᠰᠡᠨ ᠴᠠᠭ᠄
2021/12/16
     ᠨᠡᠶᠢᠭᠡᠮ ᠤᠨ ᠠᠮᠤᠷ ᠲᠦᠪᠰᠢᠨ ᠪᠠ ᠲᠣᠭᠲᠠᠭᠤᠨ ᠪᠠᠶᠢᠳᠠᠯ ᠢ ᠬᠠᠮᠠᠭᠠᠯᠠᠬᠤ ᠨᠢᠭᠡᠳᠦᠭᠡᠷ ᠹᠷᠣᠨᠲ᠂ ᠣᠯᠠᠨ ᠲᠦᠮᠡᠨ ᠳᠤ ᠦᠢᠯᠡᠴᠢᠯᠡᠬᠦ ᠬᠠᠮᠤᠭ ᠤᠨ ᠡᠮᠦᠨ᠎ᠡ ᠵᠠᠬ᠎ᠠ ᠳᠤ᠂ ᠨᠢᠭᠡᠨ ᠴᠠᠭᠳᠠᠭ᠎ᠠ 1996 ᠣᠨ ᠳᠤ ᠠᠵᠢᠯ ᠳᠤ ᠣᠷᠣᠯᠴᠠᠭᠰᠠᠨ ᠠᠴᠠ ᠨᠠᠭᠠᠰᠢ᠂ ᠦᠨᠳᠦᠰᠦᠲᠡᠨ ᠤ ᠪᠦᠯᠬᠦᠮᠳᠡᠯ ᠤᠨ ᠲᠤᠭ ᠢ ᠢᠮᠠᠭᠲᠠ ᠥᠨᠳᠥᠷ ᠲᠤ ᠮᠠᠨᠳᠤᠭᠤᠯᠵᠤ᠂ ᠦᠨᠳᠦᠰᠦᠲᠡᠨ ᠨᠦᠭᠦᠳ ᠰᠡᠳᠬᠢᠯ ᠵᠢᠷᠦᠬᠡ ᠪᠠᠨ ᠬᠤᠯᠪᠣᠵᠤ᠂ ᠭᠠᠷ ᠭᠠᠷ ᠢᠶᠠᠨ ᠬᠤᠯᠪᠣᠯᠴᠠᠭᠰᠠᠨ ᠰᠢᠯᠢᠳᠡᠭ ᠤᠯᠠᠮᠵᠢᠯᠠᠯ ᠢ ᠪᠠᠷᠢᠮᠲᠠᠯᠠᠨ ᠪᠠᠳᠠᠷᠠᠭᠤᠯᠵᠤ᠂ ᠦᠨᠳᠦᠰᠦᠲᠡᠨ ᠨᠦᠭᠦᠳ ᠤᠨ ᠣᠯᠠᠨ ᠲᠦᠮᠡᠨ ᠤ ᠬᠦᠴᠢᠷ ᠵᠣᠪᠠᠭᠤᠷᠢ ᠶᠢ ᠢᠳᠡᠪᠬᠢᠲᠡᠶ ᠪᠠᠷ ᠰᠢᠢᠳᠪᠦᠷᠢᠯᠡᠨ ᠥᠭᠴᠦ᠂ ᠦᠨᠳᠦᠰᠦᠲᠡᠨ ᠤ ᠭᠠᠵᠠᠷ ᠣᠷᠣᠨ ᠤ ᠠᠮᠤᠷ ᠲᠦᠪᠰᠢᠨ ᠪᠠ ᠲᠣᠭᠲᠠᠭᠤᠨ ᠪᠠᠶᠢᠳᠠᠯ ᠢ ᠴᠢᠷᠮᠠᠶᠢᠨ ᠬᠠᠮᠠᠭᠠᠯᠠᠭᠰᠠᠨ ᠪᠠᠶᠢᠨ᠎ᠠ᠃ ᠡᠨᠡ ᠴᠠᠭᠳᠠᠭ᠎ᠠ ᠶᠢᠨ ᠨᠡᠷ᠎ᠡ ᠨᠢ ᠬᠠᠰ ᠭᠡᠳᠡᠭ᠂ ᠣᠲᠣ ᠠᠯᠠᠱᠠ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠠᠯᠳᠠᠨᠴᠤᠭ ᠰᠣᠮᠣᠨ ᠤ ᠲᠣᠮᠢᠯᠠᠭᠰᠠᠨ ᠰᠠᠯᠪᠤᠷᠢ ᠶᠢᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠣᠶ᠃
     ᠬᠠᠰ ᠮᠠᠯᠴᠢᠨ ᠠᠶᠢᠯ ᠳᠤ ᠲᠦᠷᠦᠵᠠᠢ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠲᠠᠯ᠎ᠠ ᠨᠤᠲᠤᠭ ᠤᠨ ᠤᠯᠠᠮᠵᠢᠯᠠᠯ ᠨᠢ ᠲᠡᠭᠦᠨ ᠢ ᠬᠠᠷᠠᠬᠠᠨ ᠪᠠᠭ᠎ᠠ ᠠᠴᠠ ᠪᠠᠨ ᠬᠦᠰᠡᠯ ᠲᠡᠮᠡᠤᠯᠡᠯ ᠲᠠᠢ ᠪᠣᠯᠭᠠᠵᠠᠢ᠂ ᠲᠤᠮᠤ ᠪᠣᠯᠤᠭᠰᠠᠨ ᠤ ᠳᠠᠷᠠᠭ᠎ᠠ ᠥᠷᠭᠡᠨ ᠤᠯᠠᠨ ᠮᠠᠯᠴᠢᠨ ᠲᠠᠷᠢᠶᠠᠴᠢᠨ ᠳᠤ ᠦᠢᠯᠡᠴᠢᠯᠡᠬᠦ ︽ᠰᠠᠶᠢᠨ︾ ᠴᠠᠭᠳᠠᠭ᠎ᠠ  ᠪᠤᠯᠵᠡᠢ᠃
     1996 ᠣᠨ ᠤ 1 ᠰᠠᠷ᠎ᠠ ᠳᠤ᠂ ᠰᠠᠶ᠋ᠢᠬᠠᠨ ᠴᠠᠭᠳᠠᠭᠠᠨ ᠪᠠᠶᠢᠭᠤᠯᠤᠯᠭ᠎ᠠ ᠳᠤ ᠤᠷᠤᠭᠰᠠᠨ ᠬᠠᠰ ᠰᠠᠨᠠᠭᠠᠴᠢᠯᠠᠭ᠎ᠠ ᠠᠴᠠ ᠪᠠᠨ ᠭᠤᠶᠤᠴᠢᠯᠠᠵᠤ᠂ ᠠᠯᠠᠱᠠ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠪᠠᠶᠢᠭ᠎ᠠ ᠪᠠᠳᠠᠶ ᠶᠢᠨ ᠵᠢᠷᠠᠨ ᠪᠠᠯᠭᠠᠰᠤᠨ ᠠᠴᠠ 500 ᠺᠢᠯᠣᠮᠧᠲᠷ ᠵᠠᠶᠢᠲᠠᠶ ᠪᠠᠶᠢᠭ᠎ᠠ ᠡᠩᠭᠡᠷᠤᠰᠤ ᠶᠢᠨ ᠵᠠᠮ ᠬᠠᠷᠢᠯᠴᠠᠭᠠᠨ ᠤ ᠴᠠᠭᠳᠠᠭ᠎ᠠ ᠶᠢᠨ ᠳᠤᠮᠳᠠ ᠠᠩᠭᠢ ᠳᠤ ᠬᠦᠷᠪᠡ᠂ ᠡᠩᠭᠡᠷᠤᠰᠤ ᠭᠠᠴᠠᠭ᠎ᠠ ᠨᠢ ᠠᠯᠠᠱᠠ ᠪᠠᠷᠠᠭᠤᠨ ᠬᠤᠰᠢᠭᠤᠨ ᠤ ᠬᠤᠶᠢᠲᠤ ᠪᠡᠶ᠎ᠡ ᠳᠤ ᠪᠠᠶᠢᠷᠢᠯᠠᠵᠤ᠂ 90% ᠨᠢ ᠪᠦᠷ ᠡᠯᠡᠰᠦ ᠮᠠᠩᠬ᠎ᠠ ᠪᠠ ᠭᠤᠪᠢ ᠪᠠᠶᠢᠵᠤ᠂ ᠡᠳᠦᠷ ᠰᠥᠨᠢ ᠶᠢᠨ ᠳᠤᠯᠠᠭᠠᠨ ᠤ ᠵᠦᠷᠢᠶ᠎ᠡ 20 ᠭᠠᠷᠤᠢ ᠭᠷᠠᠳᠦ᠋ᠰ ᠲᠤ ᠬᠦᠷᠴᠦ᠂ ᠪᠦᠬᠦ ᠵᠢᠯ ᠤᠨ ᠰᠠᠯᠬᠢᠨ ᠤ ᠬᠦᠴᠦ ᠪᠠᠷᠤᠭ 6 — 10 ᠳᠡᠰ ᠲᠤ ᠬᠦᠷᠴᠦ᠂ ᠡᠩᠭᠡᠷᠤᠰᠤ ᠶᠢᠨ ᠵᠠᠮ ᠬᠠᠷᠢᠯᠴᠠᠭᠠᠨ ᠤ ᠴᠠᠭᠳᠠᠭ᠎ᠠ ᠶᠢᠨ ᠳᠤᠮᠳᠠ ᠠᠩᠬᠢ ᠪᠣᠯ ᠠᠯᠠᠱᠠ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶ᠎ᠠ ᠶᠢᠨ ᠭᠠᠵᠠᠷ ᠵᠦᠢ ᠶᠢᠨ ᠪᠠᠶᠢᠷᠢᠰᠢᠯ ᠢᠶᠠᠷ ᠬᠠᠮᠤᠭ ᠤᠨ ᠪᠤᠶᠢᠳᠠ ᠪᠥᠭᠯᠡᠭᠦᠦ᠂ ᠠᠮᠢᠳᠤᠷᠠᠯ ᠤᠨ ᠨᠥᠬᠦᠴᠡᠯ ᠬᠠᠮᠤᠭ ᠤᠨ ᠬᠠᠲᠠᠭᠤᠵᠢᠯᠲᠠᠢ᠂ ᠠᠵᠢᠯ ᠤᠨ ᠡᠭᠦᠷᠭᠡ ᠬᠠᠮᠤᠭ ᠤᠨ ᠬᠦᠨᠳᠦ ᠦᠨᠳᠦᠰᠦᠨ ᠱᠠᠲᠤᠨ ᠤ ᠠᠩᠬᠢ ᠪᠣᠯᠤᠨ᠎ᠠ᠃ ᠬᠡᠳᠦ᠋ᠢᠪᠡᠷ ᠣᠷᠴᠢᠨ ᠲᠣᠭᠤᠷᠢᠨ ᠮᠠᠭᠤ᠂ ᠤᠰᠤ ᠂ ᠴᠠᠬᠢᠯᠭᠠᠨ ᠤ ᠡᠬᠢ ᠪᠠᠶᠠᠯᠢᠭ ᠳᠤᠲᠠᠮᠠᠭ ᠪᠠᠶᠢᠭᠰᠠᠨ ᠴᠤ ᠬᠠᠰ ᠢ ᠡᠷᠡᠰ ᠰᠢᠭᠤᠷᠬᠠᠢ ᠪᠠᠷ ᠦᠯᠡᠳᠡᠭᠡᠵᠡᠢ᠃
     ︽ᠠᠷᠠᠳ ᠢᠷᠭᠡᠳ ᠤᠨ ᠠᠮᠤᠷ ᠲᠦᠪᠰᠢᠨ ᠤ ᠲᠥᠯᠥᠭᠡ ᠪᠢᠳᠡ ᠡᠷᠬᠡᠪᠰᠢ ᠪᠠᠲᠤ ᠰᠠᠬᠢᠬᠤ ᠬᠡᠷᠡᠭᠲᠡᠶ︾
     ᠬᠠᠰ ᠢ ᠰᠠᠶᠢᠨ ᠮᠡᠳᠡᠳᠡᠭ ᠬᠥᠮᠦᠰ ᠴᠠᠭᠳᠠᠭᠠᠨ ᠤ ᠬᠤᠪᠴᠠᠰᠤ ᠪᠠᠨ ᠡᠮᠦᠰᠦᠭᠰᠡᠨ ᠠᠴᠠ ᠬᠤᠶᠢᠰᠢ᠂ ᠡᠨᠡ ᠬᠦ ᠮᠣᠩᠭᠤᠯ ᠡᠷ᠎ᠡ ᠭᠤᠪᠢ ᠶᠢᠨ ᠵᠠᠮ ᠳᠡᠭᠡᠷ᠎ᠡ ᠰᠠᠨᠠᠭ᠎ᠠ ᠰᠡᠳᠬᠢᠯ ᠢᠶᠠᠨ ᠠᠭᠤᠵᠢᠭᠤ ᠲᠠᠯᠪᠢᠵᠤ᠂ ᠭᠤᠪᠢ ᠶᠢᠨ ᠵᠠᠮ ᠳᠡᠭᠡᠷ᠎ᠡ ᠶᠠᠭᠠᠷᠠᠨ᠂ ᠭᠤᠪᠢ ᠶᠢᠨ ᠵᠠᠮ ᠳᠡᠭᠡᠷ᠎ᠡ ᠪᠠᠲᠤ ᠰᠠᠬᠢᠳᠠᠭ ᠭᠡᠵᠦ ᠬᠡᠯᠡᠳᠡᠭ᠃ ᠲᠡᠷᠡ ᠡᠳᠦᠷ ᠪᠦᠷᠢ ᠵᠠᠮ ᠢᠶᠠᠷ ᠭᠡᠷ ᠢᠶᠠᠨ ᠪᠣᠯᠭᠠᠵᠤ᠂ ᠤᠯᠠᠮ ᠠᠴᠠ ᠤᠯᠠᠮ ᠬᠠᠷ᠎ᠠ ᠴᠢᠷᠠᠶ ᠲᠠᠢ ᠪᠤᠯᠤᠭᠰᠠᠨ᠂ ᠠᠷᠠᠳ ᠲᠦᠮᠡᠨ ᠳᠤ ᠦᠢᠯᠡᠴᠢᠯᠡᠬᠦ᠂ ᠠᠮᠤᠷ ᠠᠮᠤᠭᠤᠯᠠᠩ ᠢ ᠰᠠᠬᠢᠨ ᠬᠠᠮᠠᠭᠠᠯᠠᠬᠤ ᠴᠠᠭᠳᠠᠭ᠎ᠠ  ᠬᠦᠮᠦᠨ ᠤ ᠤᠭ ᠰᠠᠨᠠᠭ᠎ᠠ ᠨᠢ ᠬᠤᠪᠢᠷᠠᠭᠰᠠᠨ ᠦᠭᠡᠶ᠃
     ︽ᠦᠨᠳᠦᠰᠦᠲᠡᠨ ᠤ ᠪᠦᠯᠬᠦᠮᠳᠡᠯ ᠪᠣᠯ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠨ ᠰᠤᠳᠠᠰᠤ ᠮᠥᠨ᠂ ᠪᠢᠳᠡ ᠦᠨᠳᠦᠰᠦᠲᠡᠨ ᠤ ᠪᠦᠯᠬᠦᠮᠳᠡᠯ ᠢ  ᠨᠢᠳᠤᠨ ᠴᠡᠭᠴᠡᠦᠬᠡᠢ ᠪᠠᠨ ᠰᠢᠭ ᠬᠠᠶᠢᠷᠠᠯᠠᠵᠤ᠂ ᠦᠨᠳᠦᠰᠦᠲᠡᠨ ᠤ ᠪᠦᠯᠬᠦᠮᠳᠡᠯ ᠢ ᠥᠪᠡᠷ ᠤᠨ ᠠᠮᠢ ᠨᠠᠰᠤ ᠪᠠᠨ ᠰᠢᠭ᠋ ᠨᠠᠨᠳᠢᠩᠨᠠᠬᠤ ᠬᠡᠷᠡᠭᠲᠡᠶ︾᠃ ᠬᠠᠰ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ᠂ ᠦᠨᠳᠦᠰᠦᠲᠡᠨ ᠤ ᠪᠦᠯᠬᠦᠮᠳᠡᠯ ᠪᠣᠯ ᠭᠠᠵᠠᠷ ᠣᠷᠣᠨ ᠤ ᠲᠣᠭᠲᠠᠭᠤᠨ ᠪᠠᠶᠢᠳᠠᠯ ᠢ ᠪᠡᠶᠡᠯᠡᠭᠦᠯᠬᠦ ᠶᠢᠨ ᠦᠨᠳᠦᠰᠦᠨ ᠪᠠᠲᠤᠯᠠᠭ᠎ᠠ ᠮᠥᠨ ᠭᠡᠳᠡᠭ ᠢ ᠲᠡᠷᠡ ᠰᠠᠶᠢᠨ ᠮᠡᠳᠡᠵᠡᠢ᠃ ᠲᠡᠷᠡ ᠪᠡᠶ᠎ᠡ ᠪᠠᠷ ᠢᠶᠠᠨ ᠬᠡᠪ ᠳᠠᠭᠤᠷᠢᠶᠠᠯ ᠪᠤᠯᠵᠤ᠂ ᠪᠦᠯᠬᠦᠮᠳᠡᠯ ᠢ ᠡᠷᠬᠢᠮᠯᠡᠵᠦ᠂ ᠬᠤᠪᠢ ᠨᠡᠮᠡᠷᠢ ᠦᠵᠡᠭᠦᠯᠬᠦ ᠶᠢ ᠡᠷᠬᠢᠮᠯᠡᠵᠦ᠂ ᠶᠡᠭᠡ ᠶᠣᠰᠣ ᠶᠢ ᠲᠠᠨᠢᠵᠤ᠂ ᠶᠡᠭᠡ ᠲᠠᠯ᠎ᠠ ᠶᠢ ᠬᠠᠷᠠᠭᠠᠯᠵᠠᠵᠤ᠂ ︽ᠭᠤᠷᠪᠠᠨ ᠰᠠᠯᠤᠰᠢ ᠦᠭᠡᠢ︾ ᠭᠡᠳᠡᠭ ᠢ ᠥᠪᠡᠷ ᠤᠨ ᠦᠭᠡ ᠶᠠᠷᠢᠶ᠎ᠠ ᠦᠢᠯᠡ ᠠᠵᠢᠯᠯᠠᠭ᠎ᠠ ᠪᠦᠬᠦᠨ ᠳᠡᠭᠡᠨ ᠲᠤᠤᠱᠯᠠᠭᠤᠯᠵᠤ᠂ ᠠᠵᠢᠯᠴᠢ ᠬᠢᠴᠢᠶᠡᠩᠭᠦᠢ᠂ ᠯᠠᠪᠳᠠᠭᠤᠨ ᠪᠠᠲᠤᠲᠠᠢ ᠠᠵᠢᠯᠯᠠᠵᠤ ᠂ ᠤᠯᠠᠨ ᠲᠦᠮᠡᠨ ᠤ ᠠᠮᠤᠷ ᠲᠣᠭᠲᠠᠭᠤᠨ ᠢ ᠬᠠᠮᠠᠭᠠᠯᠠᠵᠤ᠂ ᠡᠭᠡᠯ ᠪᠣᠷᠣᠭᠵᠢᠭᠤᠨ ᠦᠢᠯᠡ ᠠᠵᠢᠯᠯᠠᠭ᠎ᠠ ᠪᠠᠷ ᠢᠶᠠᠨ ᠬᠠᠮᠤᠭ ᠤᠨ ᠦᠨᠳᠦᠰᠦᠨ ᠱᠠᠲᠤᠨ ᠤ ᠠᠷᠠᠳ ᠤᠨ ᠴᠠᠭᠳᠠᠭ᠎ᠠ ᠶᠢᠨ ᠶᠡᠭᠡ ᠬᠠᠶᠢᠷ᠎ᠠ ᠶᠢ ᠬᠠᠷᠠᠭᠤᠯᠵᠡᠢ᠃
     ︽ᠲᠠᠯ᠎ᠠ ᠨᠤᠲᠤᠭ ᠤᠨ ᠰᠠᠶᠢᠨ ᠴᠠᠭᠳᠠᠭ᠎ᠠ ᠪᠣᠯᠬᠤ ᠳᠤ ᠡᠷᠬᠡᠪᠰᠢ ᠴᠠᠭ ᠢᠮᠠᠭᠲᠠ ᠰᠡᠳᠬᠢᠯ ᠳᠣᠲᠣᠷ᠎ᠠ ᠪᠠᠨ ᠣᠯᠠᠨ ᠲᠦᠮᠡᠨ ᠢ ᠪᠤᠳᠤᠵᠤ᠂ ᠤᠴᠢᠷ ᠶᠠᠪᠤᠳᠠᠯ ᠪᠦᠬᠦᠨ ᠳᠤ ᠬᠡᠵᠢᠶᠡᠳᠡ ᠣᠯᠠᠨ ᠲᠦᠮᠡᠨ ᠢ ᠪᠤᠳᠤᠵᠤ᠂ ︿ᠰᠠᠶᠢᠨ ᠴᠠᠭᠳᠠᠭ᠎ᠠ﹀ ᠭᠡᠰᠡᠨ ᠨᠡᠷ᠎ᠡ ᠠᠯᠳᠠᠷ ᠲᠠᠭᠠᠨ ᠣᠰᠣᠯᠳᠠᠬᠤ ᠦᠭᠡᠶ ᠪᠠᠶᠢᠬᠤ ᠬᠡᠷᠡᠭᠲᠡᠶ ᠁︾ ᠭᠡᠳᠡᠭ ᠪᠣᠯ ᠬᠠᠰ ᠤᠨ ᠦᠷᠭᠦᠯᠵᠢ ᠶᠠᠷᠢᠳᠠᠭ ᠦᠭᠡ ᠶᠤᠮ᠃
 
ᠢᠷᠡᠯᠲᠡ᠄ ᠥᠨᠥᠳᠦᠷ ᠤᠨ ᠠᠯᠠᠱᠠ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号