ᠠᠯᠠᠱᠠ ᠪᠠᠷᠠᠭᠤᠨ ᠬᠤᠰᠢᠭᠤ᠄ ᠰᠤᠶᠤᠯ ᠵᠢᠭᠤᠯᠴᠢᠯᠠᠯ ᠠᠭᠤᠰᠤᠯᠴᠠᠵᠤ  ᠪᠠᠳᠠᠢ ᠶᠢᠨ ᠵᠢᠷᠠᠨ ᠤ ᠨᠡᠷ᠎ᠡ ᠶᠢᠨ ᠬᠠᠭᠤᠳᠠᠰᠤ ᠶᠢ  ᠠᠯᠳᠠᠷᠰᠢᠭᠤᠯᠤᠨ᠎ᠠ
ᠨᠡᠶᠢᠲᠡᠯᠡᠭᠰᠡᠨ ᠴᠠᠭ᠄
2024/10/22
      ᠪᠠᠶᠢᠭᠠᠯᠢ ᠶᠢᠨ ᠦᠪ ᠬᠦᠷᠤᠰᠤ ᠶᠢ ᠬᠠᠮᠠᠭᠠᠯᠠᠬᠤ ᠨᠢ ᠪᠠᠶᠢᠭᠠᠯᠢ ᠤᠷᠴᠢᠨ ᠤ  ᠣᠣᠷ ᠴᠢᠨᠠᠷ᠂ ᠪᠦᠷᠢᠨ ᠪᠦᠳᠤᠨ ᠴᠢᠨᠠᠷ ᠢ ᠬᠠᠮᠠᠭᠠᠯᠠᠬᠤ ᠪᠠᠷ  ᠥᠯᠥ ᠪᠠᠷᠠᠮ ᠪᠠᠶᠢᠭᠠᠯᠢ ᠶᠢᠨ ᠦᠪ ᠤᠨ ᠤᠯᠠᠮᠵᠢᠯᠠᠯ ᠠᠰᠢᠭᠯᠠᠯᠳᠠ ᠶᠢ ᠪᠡᠶᠡᠯᠡᠭᠦᠯᠦᠨ᠎ᠡ᠃ ᠤᠯᠤᠰ ᠤᠨ ᠪᠠᠶᠠᠷ ᠤᠨ ᠬᠤᠭᠤᠴᠠᠭᠠᠨ ᠳᠤ᠂ ᠲᠡᠯᠡᠬᠡᠢ ᠶᠢᠨ ᠪᠠᠶᠢᠭᠠᠯᠢ ᠶᠢᠨ ᠦᠪ ᠪᠤᠯᠤᠭᠰᠠᠨ ︽ᠪᠠᠳᠠᠢ ᠶᠢᠨ ᠵᠢᠷᠠᠨ ᠡᠯᠡᠰᠤ — ᠡᠯᠡᠰᠤᠨ ᠴᠤᠬᠢᠶ᠎ᠠ ᠨᠠᠭᠤᠷ ᠪᠦᠷᠢᠳᠤ︾ ᠶᠢ ᠰᠤᠨᠢᠷᠬᠠᠬᠤ ᠪᠠᠷ ᠢᠷᠡᠭᠰᠡᠨ ᠬᠦᠮᠤᠰ  ᠤᠯᠠᠮ  ᠣᠯᠠᠰᠢᠷᠠᠭᠰᠠᠨ ᠪᠠᠶᠢᠨ᠎ᠠ᠃     ᠦᠨᠳᠤᠷ ᠰᠦᠷᠯᠢᠭ ᠠᠭᠤᠯᠠᠰ ᠰᠢᠭ ᠲᠤᠷᠭᠠᠨ ᠰᠢᠷᠭᠠᠯ ᠴᠤᠬᠢᠶᠠᠳ᠂ ᠦᠩᠭᠡ ᠢᠯᠭᠠᠷᠠᠨ ᠰᠤᠯᠤᠩᠭᠠᠷᠠᠬᠤ ᠨᠠᠭᠤᠷ ᠪᠦᠷᠢᠳᠤ ᠶᠢᠨ ᠦᠵᠡᠮᠵᠢ ᠦᠵᠡᠰᠭᠦᠯᠡᠩ ᠳᠤ ᠪᠠᠳᠠᠢ ᠶᠢᠨ ᠵᠢᠷᠠᠨ ᠡᠯᠡᠰᠤ ᠨᠢ ᠵᠤᠭᠠᠴᠠᠨ ᠠᠶᠠᠯᠠᠭᠴᠢᠳ ᠤᠨ ᠰᠤᠨᠢᠷᠬᠠᠯ ᠢ ᠲᠠᠳᠠᠬᠤ ᠬᠠᠯᠠᠮᠰᠢᠯ ᠭᠠᠵᠠᠷ ᠪᠤᠯᠵᠡᠢ᠃ 
2.jpg
     ᠰᠢ ᠠᠨ ᠬᠤᠳᠠ ᠶᠢᠨ ᠵᠤᠭᠠᠴᠠᠭᠴᠢ  ᠬᠤ᠋ ᡁᠢ ᠺᠦᠨ᠄  ᠪᠠᠳᠠᠢ ᠶᠢᠨ ᠵᠢᠷᠠᠨ ᠤ ᠦᠵᠡᠮᠵᠢ ᠨᠡᠶᠢᠳᠡᠮ ᠳᠡᠭᠡᠨ ᠮᠠᠰᠢ ᠭᠤᠶᠤ᠂  ᠪᠡᠶᠡᠴᠢᠯᠡᠨ ᠮᠡᠳᠡᠷᠡᠬᠦ ᠬᠠᠮᠤᠭ ᠤᠨ ᠭᠠᠩᠭᠠᠩ ᠪᠠᠶᠢᠭᠠᠯᠢ᠂ ᠬᠡᠳᠤᠢ ᠤᠳᠠᠭ᠎ᠠ ᠢᠷᠡᠭᠰᠡᠨ ᠴᠣ᠋  ᠤᠶᠢᠳᠬᠤ ᠪᠠᠷ ᠦᠭᠡᠢ᠃ 
      ︽ᠪᠠᠳᠠᠢ ᠶᠢᠨ ᠵᠢᠷᠠᠨ ᠡᠯᠡᠰᠤ —— ᠨᠠᠭᠤᠷ ᠪᠦᠷᠢᠳᠤ︾  ᠶᠢ ᠪᠠᠶᠢᠭᠠᠯᠢ ᠶᠢᠨ ᠦᠪ  ᠢᠶᠠᠷ ᠭᠤᠶᠤᠴᠢᠯᠠᠭᠰᠠᠨ 7 ᠵᠢᠯ ᠳᠤ ᠨᠡᠷ᠎ᠡ ᠠᠯᠳᠠᠷᠰᠢᠯ ᠨᠢ ᠲᠠᠰᠤᠷᠠᠯᠳᠠ ᠦᠭᠡᠢ ᠨᠡᠮᠡᠭᠳᠡᠵᠦ᠂ ᠵᠤᠭᠠᠴᠠᠯ ᠤᠨ ᠦᠢᠯᠡᠰ ᠨᠢ ᠲᠤᠰ ᠭᠠᠵᠠᠷ ᠤᠨ ᠮᠠᠯᠴᠢᠳ ᠤᠨ ᠤᠷᠤᠯᠭ᠎ᠠ ᠶᠢᠨ ᠴᠢᠬᠤᠯᠠ ᠢᠷᠡᠯᠳᠡ ᠪᠤᠯᠤᠭᠰᠠᠨ ᠪᠠᠶᠢᠨ᠎ᠠ᠃ ᠤᠳᠤ ᠪᠠᠳᠠᠢ ᠶᠢᠨ ᠵᠢᠷᠠᠨ ᠡᠯᠡᠰᠤᠨ ᠳᠤ ᠰᠠᠭᠤᠷᠢᠰᠢᠵᠤ ᠪᠠᠶᠢᠭ᠎ᠠ 51 ᠡᠷᠦᠬᠡ ᠠᠴᠠ 13 ᠡᠷᠦᠬᠡ ᠨᠢ ᠵᠤᠴᠢᠯᠠᠭᠠᠨ ᠤ ᠭᠠᠵᠠᠷ ᠡᠵᠡᠩᠨᠡᠨ ᠂ ᠬᠤᠷᠢᠭᠠᠳ ᠬᠦᠮᠤᠨ ᠲᠤᠰᠬᠠᠢ ᠵᠤᠭᠠᠴᠠᠭᠴᠢᠳ ᠢ ᠠᠶᠠᠯᠠᠭᠤᠯᠬᠤ ︽ᠡᠯᠡᠰᠤᠨ ᠤ ᠲᠡᠷᠭᠡᠴᠢᠨ︾ ᠪᠤᠯᠤᠭᠰᠠᠨ ᠪᠠᠶᠢᠨ᠎ᠠ᠃ ᠤᠯᠠᠨ  ᠢᠶᠠᠷ ᠢᠶᠠᠨ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠳᠤᠷᠠᠨ ᠠᠵᠢᠯᠯᠠᠬᠤ ᠬᠠᠮᠠᠭᠠᠯᠠᠯᠳᠠ ᠬᠠᠮᠢᠶᠠᠷᠤᠯᠳᠠ ᠪᠠᠶᠢᠭᠤᠯᠵᠦ᠂ ᠭᠤᠤᠯ ᠲᠤᠭᠤᠷᠢᠭ ᠤᠨ ᠵᠤᠭᠠᠴᠠᠭᠴᠢᠳ ᠤᠨ ᠲᠤᠭ᠎ᠠ ᠶᠢ ᠡᠵᠡᠮᠳᠡᠨ ᠵᠤᠭᠠᠴᠠᠭᠴᠢᠳ  ᠲᠠᠢ ᠬᠠᠮᠳᠤ ᠪᠠᠷ ᠤᠷᠤᠨ ᠨᠤᠳᠤᠭ ᠢᠶᠠᠨ ᠬᠠᠮᠠᠭᠠᠯᠠᠵᠦ ᠪᠠᠶᠢᠨ᠎ᠠ᠃  
5.jpg
     ᠠᠯᠠᠱᠠ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠪᠠᠯᠭᠠᠰᠤᠨ ᠤ ᠮᠠᠯᠴᠢᠨ  ᠵᠠᠩ ᠵᠢᠶᠦ᠋ᠨ᠄ ᠡᠯᠡᠰᠤᠨ ᠳᠤ ᠲᠡᠷᠭᠡ ᠵᠢᠯᠤᠭᠤᠳᠬᠤ᠂ ᠮᠤᠲ᠋ᠤᠷ ᠤᠨᠤᠬᠤ ᠪᠤᠯ ᠠᠳᠡᠬᠢ ᠮᠠᠯᠴᠢᠳ ᠤᠨ ᠪᠠᠷᠤᠭ ᠦᠨᠳᠤᠰᠤᠨ ᠮᠡᠷᠭᠡᠵᠢᠯ ᠪᠤᠯᠳᠠᠭ᠃ ᠮᠢᠨᠤ ᠤᠳᠤ ᠶᠢᠨ ᠭᠤᠤᠯ ᠠᠵᠢᠯ ᠪᠤᠯ ᠡᠯᠡᠰᠤᠨ ᠳᠤ ᠲᠡᠷᠭᠡ ᠵᠢᠯᠤᠭᠤᠳᠴᠤ  ᠠᠶᠠᠯᠠᠭᠴᠢ  ᠶᠢ ᠨᠠᠰᠢ ᠴᠠᠰᠢ ᠬᠦᠷᠭᠡᠬᠦ ᠠᠵᠢᠯ ᠪᠣᠯᠣᠨ᠎ᠠ᠃  ᠠᠶᠠᠯᠠᠨ ᠵᠤᠭᠠᠴᠠᠭᠴᠢ ᠤᠯᠠᠨ ᠦᠶ᠎ᠡ ᠳᠤ ᠰᠠᠷ᠎ᠠ ᠳᠠᠭᠠᠨ ᠪᠠᠷᠤᠭ 20 ᠤᠳᠠᠭ᠎ᠠ ᠶᠠᠪᠤᠳᠠᠭ᠃ 
6.jpg
           ︽ᠰᠠᠨ ᠯᠢᠶᠠᠨ  ᠠᠮᠢᠳᠤᠷᠠᠯ ᠤᠨ ᠭᠠᠷᠠᠭ ᠤᠨ ᠰᠡᠳᠭᠦᠯ︾ ᠤᠨ ᠰᠤᠷᠪᠤᠯᠵᠢᠯᠠᠭᠴᠢ  ᠲᠠᠨ ᠰᠢ᠄ ᠮᠠᠯᠴᠢᠳ ᠠᠯᠬᠤᠮ ᠠᠯᠬᠤᠮ ᠢᠶᠠᠷ ᠵᠤᠭᠠᠴᠠᠯ ᠤᠨ ᠦᠢᠯᠡᠰ ᠡᠵᠡᠩᠨᠡᠭᠴᠢ ᠪᠤᠯᠵᠦ᠂ ᠲᠡᠯᠡᠬᠡᠢ ᠶᠢᠨ ᠡᠯ᠎ᠡ ᠭᠠᠵᠠᠷ ᠤᠨ ᠵᠤᠭᠠᠴᠠᠭᠴᠢ ᠲᠠᠢ ᠬᠠᠷᠢᠯᠴᠠᠬᠤ ᠪᠤᠯᠤᠮᠵᠢ ᠲᠠᠢ᠃ ᠡᠨᠡ ᠭᠠᠵᠠᠷ ᠲᠠᠭᠠᠨ ᠨᠡᠩ ᠰᠠᠶᠢᠨ ᠬᠦᠭᠵᠢᠯᠳᠡ ᠲᠠᠢ ᠪᠤᠯᠵᠦ᠂ ᠠᠯᠠᠱᠠ ᠪᠠᠷᠠᠭᠤᠨ ᠬᠤᠰᠢᠭᠤᠨ ᠤ ᠡᠶᠢᠮᠤ ᠭᠤᠶᠤ ᠰᠠᠶᠢᠬᠠᠨ ᠦᠵᠡᠮᠵᠢ ᠶᠢ ᠨᠡᠩ ᠤᠯᠠᠨ ᠬᠦᠮᠤᠰ ᠲᠤ ᠲᠠᠨᠢᠯᠴᠠᠭᠤᠯᠬᠤ ᠶᠢ ᠬᠦᠰᠡᠵᠦ ᠪᠠᠶᠢᠨ᠎ᠠ᠃ 
7.jpg
           ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠠᠭᠠᠴᠢ  ᠱᠠᠨᠰᠢ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠤᠬᠠᠭᠠᠨ ᠤ ᠫᠷᠤᠹᠧᠰᠰᠤᠷ  ᠳ᠋ᠦᠩ ᡁᠢ ᠪᠣᠣ᠄  ᠪᠢ ᠠᠯᠠᠱᠠ ᠪᠠᠷᠠᠭᠤᠨ ᠬᠤᠰᠢᠭᠤᠨ ᠤ ᠬᠦᠮᠤᠰ ᠲᠠᠢ ᠬᠤᠷᠢᠭᠠᠳ ᠵᠢᠯ ᠬᠠᠷᠢᠯᠴᠠᠵᠤ ᠪᠠᠶᠢᠨ᠎ᠠ᠃ ᠡᠳᠡᠨᠦᠰ ᠮᠠᠰᠢ ᠬᠠᠯᠠᠭᠤᠨ ᠲᠤᠳᠤᠨᠤᠰᠤᠭ᠂ ᠡᠯᠡᠰᠤ ᠮᠠᠩᠬ᠎ᠠ ᠪᠠᠨ ᠬᠠᠮᠠᠭᠠᠯᠠᠨ ᠬᠠᠶᠢᠷᠠᠯᠠᠬᠤ ᠤᠬᠠᠮᠰᠠᠷ ᠮᠠᠰᠢ ᠦᠨᠳᠤᠷ ᠪᠠᠶᠢᠳᠠᠭ ᠪᠤᠯᠬᠤᠷ ᠵᠤᠭᠠᠴᠠᠭᠴᠢᠳ ᠬᠡᠴᠢᠨᠡᠨ  ᠤᠯᠠᠨ ᠢᠷᠡᠭᠰᠡᠨ ᠴᠤ ᠪᠠᠳᠠᠢ ᠶᠢᠨ ᠵᠢᠷᠠᠨ ᠡᠯᠡᠰᠤᠨ ᠤ ᠤᠷᠴᠢᠨ ᠠᠬᠤᠢ ᠬᠡᠵᠢᠶ᠎ᠡ ᠴᠤ ᠮᠠᠰᠢ ᠴᠡᠪᠡᠷ ᠰᠠᠶᠢᠬᠠᠨ ᠪᠠᠶᠢᠳᠠᠭ᠃
8.jpg    
9.jpg
      ᠤᠯᠤᠰ ᠤᠨ ᠪᠠᠶᠠᠷ ᠤᠨ ᠠᠮᠠᠷᠠᠯᠲᠠ ᠳᠤ᠂ ᠠᠯᠠᠱᠠ ᠶᠢᠨ ᠪᠠᠭᠠᠳᠤᠷᠴᠤᠳ ᠤᠨ ᠴᠤᠭᠯᠠᠭᠠᠨ ᠡᠷᠬᠢᠯᠡᠵᠦ᠂ ᠪᠠᠳᠠᠢ ᠨᠠᠭᠤᠷ᠂ ᠰᠦᠮ᠎ᠡ ᠶᠢᠨ ᠵᠢᠷᠠᠨ ᠳᠤ ᠠᠭᠠᠷ ᠢᠶᠠᠷ  ᠠᠶᠠᠯᠠᠬᠤ ᠵᠡᠷᠭᠡ ᠤᠯᠠᠨ ᠲᠦᠷᠦᠯ  ᠤᠨ ᠠᠵᠢᠯᠯᠠᠭ᠎ᠠ  ᠡᠷᠬᠢᠯᠡᠵᠡᠢ᠃  ᠠᠶᠠᠯᠠᠭᠴᠢᠳ ᠵᠤᠭᠠᠴᠠᠨ ᠲᠤᠭᠤᠷᠢᠬᠤ ᠶᠠᠪᠤᠴᠠ ᠳᠤ᠂ ᠪᠠᠶᠢᠭᠠᠯᠢ ᠶᠢᠨ ᠦᠪ ᠢᠶᠠᠨ ᠬᠠᠮᠠᠭᠠᠯᠠᠵᠦ᠂ ᠬᠦᠮᠤᠨ ᠪᠠᠶᠢᠭᠠᠯᠢ ᠡᠶ᠎ᠡ ᠨᠠᠶᠢᠷᠠᠮᠳᠠᠭᠤ ᠵᠤᠬᠢᠴᠠᠯᠳᠤᠵᠦ ᠪᠠᠶᠢᠭᠠᠯᠢ ᠶᠢᠨ ᠦᠪ ᠢᠶᠠᠨ ᠨᠡᠩ ᠰᠠᠶᠢᠨ  ᠬᠠᠮᠠᠭᠠᠯᠠᠨ᠎ᠠ ᠭᠡᠳᠡᠭ ᠢ ᠤᠶᠢᠯᠠᠭᠠᠭᠰᠠᠨ ᠪᠠᠶᠢᠨ᠎ᠠ᠃     ᠠᠯᠠᠱᠠ ᠪᠠᠷᠠᠭᠤᠨ ᠬᠤᠰᠢᠭᠤᠨ ᠤ ᠰᠤᠶᠤᠯ ᠵᠢᠭᠤᠯᠴᠢᠯᠠᠯ ᠷᠠᠳᠢᠤ᠋ ᠲᠧᠯᠸᠢᠰ ᠤᠨ ᠲᠤᠪᠴᠢᠶᠠᠨ ᠤ ᠲᠡᠳ᠋ ᠲᠠᠷᠤᠭ᠎ᠠ  ᠶᠥᠩ ᠷᠥᠩ᠄ ᠬᠠᠮᠠᠭᠠᠯᠠᠬᠤ ᠶᠢᠨ ᠤᠷᠢᠳᠠᠯ ᠲᠤᠤᠷ᠎ᠠ ᠲᠠᠬᠢᠨ ᠵᠤᠬᠢᠰᠳᠠᠢ ᠠᠰᠢᠭᠯᠠᠵᠦ᠂ ᠲᠡᠯᠡᠬᠡᠢ ᠶᠢᠨ ᠦᠪ ᠪᠤᠯᠤᠭᠰᠠᠨ ᠪᠠᠳᠠᠢ ᠶᠢᠨ ᠵᠢᠷᠠᠨ ᠤ ᠨᠡᠷ᠎ᠡ ᠲᠡᠮᠳᠡᠭ ᠢ ᠲᠡᠯᠡᠬᠡᠢ ᠶᠢᠨ ᠬᠦᠮᠤᠰ ᠲᠤ ᠮᠡᠳᠡᠷᠡᠭᠦᠯᠦᠨ᠎ᠡ᠃     ᠲᠦᠪ ᠤᠨ  ᠷᠠᠳᠢᠣ᠋ ᠲᠧᠯᠸᠢᠰ ᠤᠨ ᠶᠡᠷᠦᠩᠬᠡᠢ ᠬᠤᠷᠢᠶ᠎ᠠ ᠶᠢᠨ ᠰᠤᠨᠢᠨ ᠮᠡᠳᠡᠭᠡᠨ ᠤ ᠲᠦᠪ ᠤᠨ ᠰᠤᠷᠪᠤᠯᠵᠢᠯᠠᠭᠴᠢ  ᠯᠢ ᠵᠧᠩ᠄ ᠬᠤᠶᠠᠷ ᠡᠳᠤᠷ ᠤᠨ ᠲᠤᠷᠰᠢ ᠡᠯᠡᠰᠤᠨ ᠳᠤ ᠶᠠᠪᠤᠯ᠎ᠠ ᠬᠦᠮᠤᠰ ᠠᠳᠡᠬᠢ ᠭᠠᠵᠠᠷ ᠨᠤᠳᠤᠭ ᠢ  ᠬᠠᠶᠢᠷᠠᠯᠠᠨ ᠬᠠᠮᠠᠭᠠᠯᠠᠬᠤ  ᠤᠬᠠᠮᠰᠠᠷ ᠦᠨᠳᠤᠷ ᠪᠠᠶᠢᠨ᠎ᠠ   ᠬᠤᠶᠢᠰᠢᠳᠠ ᠨᠡᠩ ᠰᠠᠶᠢᠨ ᠬᠠᠮᠠᠭᠠᠯᠠᠨ ᠬᠦᠭᠵᠢᠭᠦᠯᠦᠨ᠎ᠡ ᠭᠡᠳᠡᠭ ᠲᠤ ᠢᠳᠡᠭᠡᠵᠦ ᠪᠠᠶᠢᠨ᠎ᠠ᠃  
 
ᠢᠷᠡᠯᠲᠡ᠄ ᠠᠯᠠᠱᠠ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号