ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠤ ᠲᠡᠮᠡᠭᠡᠨ ᠰᠤᠶᠤᠯ ᠤᠨ ᠨᠠᠭᠠᠳᠤᠮ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2024/12/4
    12 ᠰᠠᠷ᠎ᠠ ᠶᠢᠨ 2 ᠤᠨ ᠡᠳᠦᠷ ᠤᠨ ᠦᠳᠡ ᠶᠢᠨ ᠡᠮᠦᠨ᠎ᠡ᠂ ᠡᠪᠦᠯ ᠤᠨ ᠤᠯᠠᠷᠢᠯ ᠤᠨ ᠰᠤᠶᠤᠯ ᠵᠢᠭᠤᠯᠴᠢᠯᠠᠯ ᠤᠨ ᠠᠭᠤᠯᠭ᠎ᠠ ᠶᠢ ᠪᠠᠶᠠᠯᠢᠭᠵᠢᠭᠤᠯᠤᠨ᠂ ᠲᠡᠮᠡᠭᠡ ᠮᠠᠯᠵᠢᠯ ᠤᠨ ᠰᠤᠶᠤᠯ ᠢ ᠣᠯᠠᠮᠵᠢᠯᠠᠨ ᠲᠡᠯᠭᠡᠷᠡᠭᠦᠯᠵᠤ᠂ ᠲᠡᠮᠡᠭᠡᠨ ᠤ ᠠᠵᠦ ᠦᠢᠯᠡᠰ ᠤᠨ ᠭᠦᠭᠵᠢᠯᠳᠡ ᠶᠢᠨ ᠦᠷ᠎ᠡ ᠪᠦᠳᠦᠮᠵᠢ ᠶᠢ ᠲᠡᠯᠭᠡᠨ ᠦᠵᠡᠭᠦᠯᠭᠦ ᠪᠠᠷ ᠭᠤᠤᠯ ᠵᠦᠷᠢᠯᠳᠡ ᠪᠠᠨ ᠪᠤᠯᠭᠠᠭᠰᠠᠨ 2024 ᠂ ᠠᠯᠳ᠋ᠬᠠᠤᠪᠤᠭ᠎ᠠ ᠪᠠᠯᠭᠠᠰᠤᠨ ᠤ ︽ᠱᠧᠨ ᠲᠦᠸᠧ︾ ᠬᠤᠨᠳᠠᠭᠠᠳᠤ ᠲᠡᠮᠡᠭᠡᠨ ᠰᠤᠶᠤᠯ ᠤᠨ ᠨᠠᠭᠠᠳᠤᠮ ᠵᠢᠴᠢ ᠠᠯᠠᠱᠠᠨ ᠪᠠᠷᠠᠭᠤᠨ ᠬᠤᠰᠢᠭᠤᠨ ᠤ ᠱᠧᠨ ᠲᠦᠸᠧ ᠰᠦᠨ ᠦᠢᠯᠡᠰ ᠤᠨ ᠰᠢᠨᠵᠢᠯᠡᠭᠡ ᠮᠡᠷᠭᠡᠵᠢᠯ ᠤᠨ ᠭᠢᠵᠠᠭᠠᠷᠳᠤ ᠺᠣᠮᠫᠠᠨᠢ ᠶᠢᠨ ᠰᠢᠨ᠎ᠡ ᠠᠶᠠᠯᠠᠯ ᠢᠶᠠᠨ ᠡᠭᠢᠯᠡᠭᠦᠯᠭᠦ  ᠶᠤᠰᠤᠯᠠᠯ ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠳᠤ ᠶᠠᠪᠤᠭᠳᠠᠯ᠎ᠠ᠃
1.png
   ᠲᠤᠰ ᠤᠳᠠᠭᠠᠨ ᠤ ᠲᠡᠮᠡᠭᠡᠨ ᠰᠤᠶᠤᠯ ᠤᠨ ᠨᠠᠭᠠᠳᠤᠮ ᠢ ᠠᠯᠠᠱᠠ ᠪᠠᠷᠠᠭᠤᠨ ᠬᠤᠰᠢᠭᠤᠨ ᠤ ᠱᠧᠨ ᠲᠦᠸᠧ ᠰᠦᠨ ᠦᠢᠯᠡᠰ ᠤᠨ ᠰᠢᠨᠵᠢᠯᠡᠭᠡ ᠮᠡᠷᠭᠡᠵᠢᠯ ᠤᠨ ᠭᠢᠵᠠᠭᠠᠷᠳᠤ ᠺᠣᠮᠫᠠᠨᠢ ᠠᠴᠠ ᠭᠤᠤᠯᠯᠠᠨ ᠡᠷᠭᠢᠯᠡᠵᠦ ᠂ ᠠᠯᠳ᠋ᠬᠠᠤᠪᠤᠭ᠎ᠠ  ᠪᠠᠯᠭᠠᠰᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠠ ᠠᠯᠠᠱᠠ ᠪᠠᠷᠠᠭᠤᠨ ᠬᠤᠰᠢᠭᠤᠨ ᠤ ᠢᠩᠭᠡᠨ ᠰᠦ ᠶᠢᠨ ᠨᠡᠶᠢᠭᠡᠮᠯᠢᠭ ᠠᠴᠠ ᠳᠠᠭᠠᠭᠠᠴᠢᠯᠠᠨ ᠡᠷᠭᠢᠯᠡᠵᠦ᠂ ᠬᠤᠯᠠ ᠦᠢᠷ᠎ᠠ ᠶᠢᠨ ᠭᠡᠶᠢᠴᠡᠨ ᠵᠤᠴᠢᠨ᠂ ᠨᠠᠭᠠᠳᠤᠮᠴᠢᠨ ᠤᠶᠠᠭᠠᠴᠢᠳ 1000  ᠭᠠᠷᠦᠢ ᠭᠦᠮᠦᠨ ᠴᠤᠨᠯᠠᠷᠠᠵᠡᠢ᠃
15.jpg
    ᠨᠠᠭᠠᠳᠤᠮ ᠳᠤ 2024᠂  ᠠᠯᠠᠱᠠ ᠶᠢᠨ ᠢᠩᠭᠡᠨ ᠰᠦ  ᠶᠢᠨ ᠠᠵᠤ ᠦᠢᠯᠡᠰ ᠤᠨ ᠭᠦᠭᠵᠢᠯᠳᠡ ᠶᠢᠨ ᠶᠡᠭᠡ ᠬᠤᠷᠠᠯ᠂ ᠱᠧᠨ ᠲᠦᠸᠧ ᠰᠦᠨ ᠦᠢᠯᠡᠰ ᠤᠨ ᠰᠢᠨᠵᠢᠯᠡᠭᠡ ᠮᠡᠷᠭᠡᠵᠢᠯ ᠤᠨ ᠭᠢᠵᠠᠭᠠᠷᠳᠤ ᠺᠣᠮᠫᠠᠨᠢ ᠶᠢᠨ ᠰᠢᠨ᠎ᠡ ᠠᠶᠠᠯᠠᠯ ᠢᠶᠠᠨ ᠡᠭᠢᠯᠡᠭᠦᠯᠭᠦ ᠶᠤᠰᠤᠯᠠᠯ᠂ ᠲᠤᠮᠳᠠᠳᠤ ᠤᠯᠤᠰ ᠤᠨ ᠨᠢᠭᠡ ᠭᠠᠵᠠᠷ ᠤᠷᠤᠨ ᠳᠤ ᠨᠢᠭᠡ ᠨᠡᠷᠡᠳᠦ ᠪᠦᠳᠦᠭᠡᠭᠳᠡᠭᠦᠨ ᠢ ᠡᠭᠦᠳᠭᠦ  ᠠᠯᠠᠱᠠ ᠶᠢᠨ ᠢᠩᠭᠡᠨ ᠰᠦ ᠶᠢᠨ ᠠᠵᠤ ᠦᠢᠯᠡᠰ ᠤᠨ ᠵᠢᠱᠢᠶ᠎ᠡ ᠦᠵᠡᠭᠦᠯᠭᠦ ᠭᠦᠷᠢᠶᠡᠯᠡᠩ ‍ᠦᠨ‌ᠢᠩᠭᠡᠨ ᠰᠦ ᠶᠢᠨ ᠲᠤᠷᠰᠢᠯᠲᠠ ᠶᠢᠨ ᠰᠠᠭᠤᠷᠠᠨ ᠭᠠᠵᠠᠷ ᠲᠤ ᠫᠠᠶᠢᠰᠠ ᠡᠯᠭᠦᠭᠦ᠂ ᠢᠩᠭᠡᠨ ᠰᠦ ᠶᠢᠨ ᠭᠠᠷᠤᠯᠳᠠ ᠶᠢᠨ ᠢᠳᠡᠭᠡᠯᠳᠦ ᠡᠷᠦᠭᠡ ᠶᠢ ᠱᠠᠩᠨᠠᠨ ᠭᠦᠭᠢᠬᠦᠯᠭᠦ ᠵᠡᠷᠭᠡ ᠠᠭᠤᠯᠭ᠎ᠠ ᠶᠢ ᠲᠤᠭᠢᠷᠠᠭᠤᠯᠤᠭᠰᠠᠨ ᠠᠴᠠ ᠭᠠᠳᠠᠨ᠎ᠠ 3 ᠺᠢᠯᠣᠮᠧᠲᠷ ᠤᠨ ᠲᠤᠷᠤᠮ ᠤᠨ ᠣᠷᠣᠯᠳᠤᠭᠠᠨ᠂ 7 ᠺᠢᠯᠣᠮᠧᠲᠷ ᠤᠨ ᠠᠳᠠᠨ ᠲᠡᠮᠡᠭᠡᠨ ᠤ ᠣᠷᠣᠯᠳᠤᠭᠠᠨ᠂ 12 ᠺᠢᠯᠣᠮᠧᠲᠷ ᠤᠨ ᠬᠤᠯᠠ ᠶᠢᠨ ᠲᠡᠮᠡᠭᠡᠨ ᠤ ᠣᠷᠣᠯᠳᠤᠭᠠᠨ᠂ ᠲᠡᠮᠡᠭᠡᠨ ᠨᠠᠮᠨᠠᠭ᠎ᠠ᠂  ᠪᠦᠢᠯᠠ ᠵᠤᠷᠭᠤᠬᠤ᠂ ᠲᠡᠭᠡᠰᠦ ᠲᠠᠮᠤᠬᠤ᠂ ᠪᠤᠤᠷ᠎ᠠ ᠶᠢᠨ ᠠᠳᠠᠯᠢᠳᠬᠠᠯ ᠵᠡᠷᠭᠡ ᠲᠡᠮᠡᠭᠡ ᠮᠠᠯᠵᠢᠯ ᠤᠨ ᠤᠯᠠᠮᠵᠢᠯᠠᠯᠳᠤ ᠤᠷ᠎ᠠ ᠮᠡᠷᠭᠡᠵᠢᠯ ᠢ ᠲᠡᠯᠭᠡᠵᠤ ᠬᠠᠷᠠᠭᠤᠯᠤᠭᠰᠠᠨ ᠠᠭᠤᠯᠭ᠎ᠠ ᠪᠠᠷ ᠶᠠᠪᠤᠭᠳᠠᠵᠤ᠂ ᠨᠠᠭᠠᠳᠤᠮᠴᠢᠨ ᠣᠯᠠᠨ ᠢᠶᠠᠨ ᠪᠠᠶᠠᠰᠬᠠᠭᠰᠠᠨ ᠪᠠᠶᠢᠨ᠎ᠠ᠃
14.jpg
    ᠲᠣᠰ ᠣᠳᠠᠭᠠᠨ ᠤ ᠲᠡᠮᠡᠭᠡᠨ ᠰᠤᠶᠤᠯ ᠤᠨ ᠨᠠᠭᠠᠳᠤᠮ ᠤᠨ 3 ᠺᠢᠯᠣᠮᠧᠲᠷ ᠤᠨ ᠲᠤᠷᠤᠮ ᠤᠨ ᠣᠷᠣᠯᠳᠤᠭᠠᠨ ᠳᠤ ᠡᠵᠡᠨ᠎ᠠ ᠬᠤᠰᠢᠭᠤᠨ ᠤ ᠵᠠᠮᠪᠠᠯ ᠲᠡᠷᠢᠭᠦᠯᠡᠵᠤ᠂ 7 ᠺᠢᠯᠣᠮᠧᠲᠷ ᠤᠨ ᠬᠤᠷᠳᠤᠨ ᠠᠳᠠ ᠶᠢᠨ ᠮᠦᠷᠦᠶᠢᠴᠡᠭᠡᠨ ᠳᠤ ᠠᠯᠠᠱᠠ ᠵᠡᠭᠦᠨ ᠬᠤᠰᠢᠭᠤᠨ ᠤ ᠪᠦᠭᠡᠴᠢᠯᠠᠭᠤ ᠶᠢᠨ ᠲᠡᠮᠡᠭᠡ ᠲᠡᠷᠢᠭᠦᠯᠡᠵᠤ᠂ 12 ᠺᠢᠯᠣᠮᠧᠲᠷ ᠤᠨ ᠬᠤᠯᠠ ᠶᠢᠨ ᠲᠡᠮᠡᠭᠡᠨ ᠤ ᠣᠷᠣᠯᠳᠤᠭᠠᠨ ᠳᠤ ᠪᠠᠶᠠᠨᠨᠠᠭᠤᠷ ᠬᠤᠲᠠ ᠶᠢᠨ ᠭᠦᠭᠵᠢᠯᠳᠦ ᠶᠢᠨ ᠲᠡᠮᠡᠭᠡ ᠲᠡᠷᠢᠭᠦᠯᠡᠪᠡ᠂ ᠲᠡᠮᠡᠭᠡᠨ ᠨᠠᠮᠨᠠᠭ᠎ᠠ ᠶᠢᠨ ᠣᠷᠣᠯᠳᠤᠭᠠᠨ ᠳᠤ ᠠᠯᠠᠱᠠ ᠪᠠᠷᠠᠭᠤᠨ ᠬᠤᠰᠢᠭᠤᠨ ᠤ ᠲᠠᠩᠰᠤᠭᠪᠤᠯᠠᠭ ᠰᠤᠮᠤᠨ ᠤ ᠤᠳᠬᠤᠨᠵᠢᠷᠭᠠᠯ ᠲᠡᠷᠢᠭᠦᠯᠡᠪᠡ᠂ ᠪᠦᠢᠯᠠ ᠵᠤᠷᠭᠤᠬᠤ ᠣᠷᠣᠯᠳᠤᠭᠠᠨ ᠳᠤ ᠠᠯᠠᠱᠠ ᠵᠡᠭᠦᠨ ᠬᠤᠰᠢᠭᠤᠨ ᠤ ᠦᠯᠵᠡᠢ ᠰᠤᠮᠤᠨ ᠤ ᠴᠣᠭᠳᠤᠭᠡᠷᠡᠯ ᠲᠡᠷᠢᠭᠦᠯᠡᠵᠤ᠂ ᠪᠤᠷᠠᠨᠲᠠᠭ ᠲᠠᠮᠤᠬᠤ ᠣᠷᠣᠯᠳᠤᠭᠠᠨ ᠳᠤ ᠲᠠᠩᠰᠤᠭᠪᠤᠯᠠᠭ ᠰᠤᠮᠤᠨ ᠤ ᠮᠦᠩᠭᠦᠨ ᠲᠡᠷᠢᠭᠦᠯᠡᠵᠡᠢ᠂ ᠪᠤᠤᠷ᠎ᠠ ᠶᠢᠨ ᠠᠳᠠᠯᠢᠳᠬᠠᠯ ᠳᠤ ᠠᠯᠳ᠋ᠬᠠᠤᠪᠤᠭ᠎ᠠ ᠪᠠᠯᠭᠠᠰᠤᠨ ᠤ  ᠯᠢᠦ ᠢ ᠶᠢᠨ ᠪᠤᠤᠷ᠎ᠠ ︽  ᠭᠠᠩᠭᠠᠩ ᠪᠤᠤᠷ᠎ᠠ︾ ᠪᠠᠷ ᠰᠣᠩᠭᠤᠭᠳᠠᠵᠠᠢ᠃
3.jpg
11.png
    
 
ᠢᠷᠡᠯᠲᠡ᠄ ᠠᠯᠠᠱᠠ ᠬᠠᠮ ᠵᠠᠭᠤᠴᠢᠯᠠᠭᠤᠷ ᠤᠨ ᠮᠤᠩᠭᠤᠯ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号