ᠠᠯᠠᠱᠠ ᠠᠶᠢᠮᠠᠭ ᠤᠨ ︽ᠤᠮᠠᠷᠠᠳᠤ ᠶᠢᠨ ᠭᠤᠷᠪᠠᠨ ᠤᠷᠤᠨ︾ ᠤ ᠢᠨᠵᠧᠨᠧᠷᠢᠩ ᠳᠤ ᠬᠦᠴᠦᠯᠡᠵᠦ  ᠬᠠᠳᠤᠨ ᠭᠤᠤᠯ ᠢᠶᠠᠨ ᠬᠠᠮᠠᠭᠠᠯᠠᠬᠤ ᠠᠵᠢᠯ ᠳᠤ ᠬᠠᠮᠳᠤᠪᠠᠷ ᠬᠥᠳᠡᠯᠦᠯᠴᠡᠬᠦ︾ ᠰᠠᠶᠢᠨ ᠲᠤᠷ᠎ᠠ ᠶᠢᠨ ᠦᠢᠯᠡᠴᠢᠯᠡᠭᠡ ᠶᠢᠨ ᠠᠵᠢᠯᠯᠠᠭ᠎ᠠ ᠠᠯᠠᠱᠠ ᠪᠠᠷᠠᠭᠤᠨ ᠬᠤᠰᠢᠭᠤᠨ ᠳᠤ ᠡᠬᠢᠯᠡᠭᠰᠡᠨ
ᠨᠡᠶᠢᠲᠡᠯᠡᠭᠰᠡᠨ ᠴᠠᠭ᠄
2024/10/30
    10 ᠰᠠᠷ᠎ᠠ ᠶᠢᠨ 23 ᠳᠤ᠂ ᠠᠯᠠᠱᠠ ᠠᠶᠢᠮᠠᠭ ᠤᠨ ︽ᠤᠮᠠᠷᠠᠳᠤ ᠶᠢᠨ ᠭᠤᠷᠪᠠᠨ ᠤᠷᠤᠨ︾ ᠤ ᠢᠨᠵᠧᠨᠧᠷᠢᠩ  ᠳᠤ ᠬᠦᠴᠦᠯᠡᠵᠦ ᠬᠠᠳᠤᠨ ᠭᠤᠤᠯ ᠢᠶᠠᠨ ᠬᠠᠮᠠᠭᠠᠯᠠᠬᠤ ᠠᠵᠢᠯ ᠳᠤ ᠬᠠᠮᠳᠤᠪᠠᠷ  ᠬᠥᠳᠡᠯᠦᠯᠴᠡᠬᠦ ︾ ᠰᠠᠶᠢᠨ ᠲᠤᠷ᠎ᠠ  ᠶᠢᠨ ᠦᠢᠯᠡᠴᠢᠯᠡᠭᠡᠨ ᠤ ᠠᠵᠢᠯᠯᠠᠭ᠎ᠠ ᠶᠢᠨ ᠡᠬᠢᠯᠡᠯᠳᠡ ᠶᠢᠨ ᠶᠤᠰᠤᠯᠠᠯ ᠠᠯᠠᠱᠠ ᠪᠠᠷᠠᠭᠤᠨ ᠬᠤᠰᠢᠭᠤᠨ ᠳᠤ  ᠶᠠᠪᠤᠭᠳᠠᠵᠤ᠂ ᠠᠶᠢᠮᠠᠭ ᠤᠨ ᠨᠠᠮ ᠤᠨ ᠬᠤᠷᠢᠶᠠᠨ ᠤ ᠨᠡᠶᠢᠭᠡᠮ ᠤᠨ ᠠᠵᠢᠯ ᠤᠨ ᠬᠡᠯᠳᠡᠰ ᠤᠨ ᠲᠡᠳ᠋ ᠲᠠᠷᠤᠭ᠎ᠠ ᠶᠧ ᠫᠠᠨ ᠶᠤᠰᠤᠯᠠᠯ ᠳᠤ ᠤᠷᠤᠯᠴᠠᠠ᠂ ᠬᠤᠰᠢᠭᠤ ᠨᠠᠮ ᠤᠨ ᠬᠤᠷᠢᠶᠠᠨ ᠤ ᠲᠡᠳ᠋ ᠱᠦᠵᠢ ᠶᠠᠩ ᠱᠣᠣ ᠴᠦᠨ ᠶᠠᠷᠢᠶ᠎ᠠ ᠲᠠᠯᠪᠢᠨ ᠠᠵᠢᠯᠯᠠᠭ᠎ᠠ ᠡᠬᠢᠯᠡᠬᠦ ᠶᠢ ᠵᠠᠷᠯᠠᠵᠦ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠡᠳ᠋ ᠡᠷᠬᠢᠯᠡᠭᠴᠢ ᠰᠢᠦᠢ ᠰᠢᠤᠸᠠᠢ ᠹᠧᠩ᠂ ᠬᠤᠰᠢᠭᠤᠨ ᠤ ᠤᠯᠤᠰ ᠲᠦᠷᠦ ᠶᠢᠨ ᠵᠦᠪᠯᠯᠡᠭᠡᠨ ᠤ ᠲᠡᠳ᠋ ᠲᠡᠷᠢᠭᠦᠯᠡᠭᠴᠢ ᠫᠧᠩ ᠶᠡᠨ ᠰᠢᠶᠠ ᠠᠵᠢᠯᠯᠠᠭᠠᠨ ᠳᠤ ᠤᠷᠤᠯᠴᠠᠭᠰᠠᠨ ᠪᠠᠶᠢᠨ᠎ᠠ᠃   ᠶᠠᠩ ᠱᠣᠣ ᠴᠦᠨ ᠶᠠᠷᠢᠶᠠᠨ ᠳᠠᠭᠠᠨ ᠬᠡᠯᠡᠭᠰᠡᠨ ᠨᠢ᠄ ︽ᠤᠮᠠᠷᠠᠳᠤ ᠶᠢᠨ ᠭᠤᠷᠪᠠᠨ ᠤᠷᠤᠨ︾  ᠤ ᠢᠨᠵᠧᠨᠧᠷᠢᠩ ᠪᠤᠯ ᠨᠠᠮ ᠪᠠ ᠤᠯᠤᠰ ᠠᠴᠠ ᠠᠮᠢ ᠠᠬᠤᠢ ᠶᠢᠨ ᠤᠷᠴᠢᠨ ᠲᠤᠭᠤᠷᠢᠨ ᠶᠢ ᠰᠠᠶᠢᠵᠢᠷᠠᠭᠤᠯᠵᠦ᠂ ᠤᠷᠤᠨ ᠨᠤᠳᠤᠭ ᠤᠨ ᠠᠵᠦ ᠠᠬᠤᠢ ᠨᠡᠶᠢᠭᠡᠮ ᠤᠨ  ᠵᠣᠬᠢᠴᠠᠩᠭᠤᠢ ᠬᠥᠭᠵᠢᠯᠲᠡ ᠶᠢ ᠠᠬᠢᠭᠤᠯᠬᠤ ᠨᠢᠭᠡ ᠲᠦᠷᠦᠯ ᠤᠨ ᠴᠢᠬᠤᠯᠠ ᠶᠡᠭᠡ ᠠᠮᠢ ᠠᠬᠤᠢ ᠶᠢᠨ ᠢᠨᠵᠧᠨᠧᠷᠢᠩ᠂ ᠰᠠᠯᠬᠢᠨ ᠢ  ᠰᠡᠷᠬᠡᠶᠢᠯᠡᠨ ᠡᠯᠡᠰᠤ ᠶᠢ ᠲᠤᠭᠳᠠᠪᠤᠷᠢᠵᠢᠭᠤᠯᠬᠤ᠂ ᠤᠰᠤ ᠬᠦᠷᠤᠰᠤ ᠬᠠᠮᠠᠭᠠᠯᠠᠬᠤ᠂ ᠤᠰᠤᠨ ᠰᠤᠷᠪᠤᠯᠵᠢ ᠶᠢ ᠬᠠᠳᠠᠭᠠᠯᠠᠬᠤ ᠵᠡᠷᠭᠡ ᠲᠠᠯ᠎ᠠ ᠪᠠᠷ ᠴᠢᠬᠤᠯᠠ ᠠᠴᠢ ᠬᠤᠯᠪᠤᠭᠳᠠᠯ ᠲᠠᠢ ᠶᠤᠮ᠃ ᠬᠦᠰᠡᠬᠦ ᠨᠢ ᠲᠤᠰ ᠤᠳᠠᠭᠠᠨ ᠤ ᠠᠵᠢᠯᠯᠠᠭ᠎ᠠ ᠪᠠᠷ ᠲᠤᠬᠢᠶᠠᠯ ᠪᠤᠯᠭᠠᠵᠦ᠂ ᠠᠮᠢ ᠠᠬᠤᠢ ᠶᠢᠨ ᠪᠤᠯᠪᠠᠰᠤᠨ ᠤ ᠦᠵᠡᠯᠳᠡ  ᠶᠢᠨ ᠤᠬᠠᠭᠤᠯᠤᠭᠴᠢ᠂ ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠭᠴᠢ ᠪᠠ ᠪᠤᠬᠢᠷᠳᠤᠯ ᠦᠭᠡᠢ ᠠᠮᠢᠳᠤᠷᠠᠯ  ᠤᠨ ᠰᠠᠨᠠᠭᠠᠴᠢᠯᠠᠭᠴᠢ ᠪᠤᠯᠵᠦ᠂ ︽ᠨᠡᠮᠡᠷᠢ ᠬᠠᠨᠳᠢᠪ ᠡᠷᠭᠦᠬᠦ  ᠬᠠᠶᠢᠷ᠎ᠠ ᠬᠠᠯᠠᠮᠵᠢ ᠬᠦᠷᠭᠡᠬᠦ  ᠬᠠᠷᠢᠯᠴᠠᠨ  ᠬᠠᠮᠵᠢᠯᠴᠠᠬᠤ  ᠤᠷᠤᠭᠰᠢᠯᠠᠨ ᠲᠠᠪᠰᠢᠬᠤ︾ ᠰᠠᠶᠢᠨ ᠲᠤᠷ᠎ᠠ ᠶᠢᠨ ᠦᠢᠯᠡᠴᠢᠯᠡᠭᠡᠨ ᠤ ᠵᠤᠷᠢᠭ ᠰᠠᠨᠠᠭ᠎ᠠ ᠶᠢ ᠪᠠᠳᠠᠷᠠᠭᠤᠯᠵᠦ᠂ ᠠᠮᠢ ᠠᠬᠤᠢ ᠶᠢᠨ ᠪᠤᠯᠪᠠᠰᠤᠨ ᠤ ᠦᠵᠡᠯᠳᠡ ᠶᠢ  ᠬᠥᠮᠥᠰ ᠤᠨ ᠰᠡᠳᠬᠢᠯ ᠳᠤ ᠬᠠᠳᠠᠩᠰᠢᠭᠤᠯᠤᠨ᠂ ᠪᠦᠬᠦ ᠨᠡᠶᠢᠭᠡᠮ ᠢᠶᠠᠷ ᠢᠶᠠᠨ ᠠᠮᠢ ᠠᠬᠤᠢ ᠶᠢᠨ ᠪᠤᠯᠪᠠᠰᠤᠨ ᠤ ᠪᠦᠳᠤᠭᠡᠨ ᠪᠠᠶᠢᠭᠤᠯᠤᠯᠳᠠ ᠳᠤ ᠤᠷᠤᠯᠴᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠦᠷᠢᠯᠳᠦᠭᠦᠯᠦᠨ᠎ᠡ ᠭᠡᠵᠦ ᠬᠡᠯᠡᠯ᠎ᠡ᠃   ᠡᠬᠢᠯᠡᠯᠳᠡ ᠶᠢᠨ ᠶᠤᠰᠤᠯᠠᠯ ᠲᠡᠭᠡᠷ᠎ᠡ᠂ ᠰᠠᠶᠢᠨ ᠲᠤᠷ᠎ᠠ ᠶᠢᠨ ᠦᠢᠯᠡᠴᠢᠯᠡᠭᠡᠨ ᠤ ᠲᠦᠯᠦᠭᠡᠯᠡᠭᠴᠢ ᠠᠴᠠ ᠠᠯᠠᠱᠠ ᠪᠠᠷᠠᠭᠤᠨ ᠬᠤᠰᠢᠭᠤᠨ ᠤ ︽ᠤᠮᠠᠷᠠᠳᠤ ᠶᠢᠨ ᠭᠤᠷᠪᠠᠨ ᠤᠷᠤᠨ︾ ᠤ ᠢᠨᠵᠧᠨᠧᠷᠢᠩ᠂ ᠬᠠᠳᠤᠨ ᠭᠤᠤᠯ ᠢᠶᠠᠨ ᠬᠠᠮᠠᠭᠠᠯᠠᠬᠤ︾ ᠰᠠᠨᠠᠭᠠᠴᠢᠯᠠᠭ᠎ᠠ ᠶᠢᠨ ᠪᠢᠴᠢᠭ ᠢ  ᠨᠡᠶᠢᠲᠡᠯᠡᠨ᠂ ᠲᠠᠩᠭᠠᠷᠢᠭ ᠬᠢᠵᠦ᠂ ᠤᠯᠠᠨ  ᠢᠶᠠᠷ ᠢᠶᠠᠨ ᠬᠤᠪᠢ ᠪᠡᠶ᠎ᠡ ᠠᠴᠠ ᠪᠠᠨ ᠭᠠᠷᠳᠠᠵᠦ᠂ ᠬᠠᠵᠠᠭᠤ ᠬᠠᠪᠢ ᠶᠢᠨ ᠵᠢᠵᠢᠭ ᠰᠠᠵᠢᠭ ᠶᠠᠪᠤᠳᠠᠯ ᠠᠴᠠ ᠡᠬᠢᠯᠡᠨ ᠬᠢᠵᠦ᠂ ᠠᠮᠢ ᠠᠬᠤᠢ  ᠶᠢᠨ ᠬᠠᠮᠭᠠᠯᠠᠯᠳᠠ᠂ ᠡᠯᠡᠰᠤ ᠶᠢ ᠰᠡᠷᠭᠡᠶᠢᠯᠡᠨ ᠵᠠᠰᠠᠬᠤ ᠠᠵᠢᠯᠯᠠᠭᠠᠨ ᠳᠤ ᠢᠳᠡᠪᠬᠢᠳᠡᠢ ᠤᠷᠤᠯᠴᠠᠨ᠂ ᠤᠷᠤᠨ ᠨᠤᠳᠤᠭ  ᠢᠶᠠᠨ ᠬᠠᠮᠳᠤᠪᠠᠷ ᠰᠠᠬᠢᠨ ᠬᠠᠮᠭᠠᠯᠠᠨ᠎ᠠ᠃ ᠠᠵᠢᠯᠯᠠᠭᠠᠨ ᠤ ᠠᠬᠤᠢ ᠲᠠᠯᠠᠪᠠᠢ ᠳᠤ ᠪᠠᠰᠠ ︽ᠠᠯᠠᠱᠠ ᠪᠠᠷᠠᠭᠤᠨ ᠬᠤᠰᠢᠭᠤᠨ ᠤ ᠠᠮᠢ ᠠᠬᠤᠢ ᠶᠢᠨ ᠤᠷᠴᠢᠨ ᠲᠤᠭᠤᠷᠢᠨ ᠤ ᠬᠠᠮᠭᠠᠯᠠᠯᠳᠠ ᠶᠢᠨ ᠰᠠᠶᠢᠨ ᠲᠤᠷ᠎ᠠ ᠶᠢᠨ ᠦᠢᠯᠡᠴᠢᠯᠡᠭᠡᠨ ᠤ ᠠᠩᠭᠢ︾ ᠪᠠ ︽ᠪᠠᠳᠠᠢ ᠶᠢᠨ ᠵᠢᠷᠠᠨ ᠡᠯᠡᠰᠤᠨ ᠤ ᠲᠡᠯᠡᠬᠡᠢ ᠶᠢᠨ ᠪᠠᠶᠢᠭᠠᠯᠢ ᠶᠢᠨ ᠦᠪ ᠤᠨ ᠬᠠᠮᠠᠭᠠᠯᠠᠯᠳᠠ ᠶᠢᠨ ᠰᠠᠶᠢᠨ ᠲᠤᠷ᠎ᠠ ᠶᠢᠨ ᠦᠢᠯᠡᠴᠢᠯᠡᠭᠡᠨ ᠤ ᠠᠩᠭᠢ︾ ᠳᠤ ᠲᠤᠭ ᠬᠦᠷᠭᠡᠵᠦ᠂ ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠠᠵᠢᠯ ᠤᠨ ᠦᠷ᠎ᠡ ᠪᠦᠳᠤᠮᠵᠢ ᠪᠠ ᠪᠠᠳᠠᠢ ᠶᠢᠨ ᠵᠢᠷᠠᠨ ᠡᠯᠡᠰᠤᠨ ᠤ ᠪᠠᠶᠢᠭᠠᠯᠢ ᠶᠢᠨ ᠬᠠᠮᠠᠭᠠᠯᠠᠯᠳᠠ  ᠶᠢᠨ ᠠᠮᠵᠢᠯᠳᠠ ᠪᠦᠳᠤᠮᠵᠢ ᠶᠢᠨ ᠦᠵᠡᠭᠦᠯᠭᠡ ᠬᠢᠭᠰᠡᠨ ᠪᠠᠶᠢᠨ᠎ᠠ᠃ ᠬᠤᠰᠢᠭᠤᠨ ᠤ ᠡᠯ᠎ᠡ ᠰᠢᠭᠤᠳ ᠬᠠᠷᠢᠶ᠎ᠠ ᠰᠠᠯᠠᠭ᠎ᠠ ᠮᠦᠴᠢᠷ᠂ ᠨᠡᠶᠢᠭᠡᠮ ᠤᠨ ᠵᠤᠬᠢᠶᠠᠨ ᠪᠠᠶᠢᠭᠤᠯᠤᠯᠳᠠ ᠶᠢᠨ 150 ᠭᠠᠷᠤᠢ ᠰᠠᠶᠢᠨ ᠲᠤᠷᠠᠴᠤᠳ ᠪᠠᠳᠠᠢ ᠶᠢᠨ ᠵᠢᠷᠠᠨ ᠡᠯᠡᠰᠤᠨ ᠤ ᠡᠮᠤᠨ᠎ᠡ  ᠬᠥᠪᠡᠭᠡ ᠶᠢᠨ ᠡᠯᠡᠰᠤ ᠶᠢ ᠰᠡᠷᠭᠡᠶᠢᠯᠡᠨ  ᠵᠠᠰᠠᠬᠤ  ᠲᠥᠰᠥᠯ ᠤᠨ ᠲᠤᠭᠤᠷᠢᠭ ᠲᠤ᠂ ᠡᠪᠡᠰᠤᠨ ᠲᠦᠷᠪᠡᠯᠵᠢ ᠳᠤ ᠬᠤᠷᠠᠭᠰᠠᠨ ᠡᠯᠡᠰᠤ ᠶᠢ ᠴᠡᠪᠡᠷᠯᠡᠨ᠂ ᠨᠢᠯᠬ᠎ᠠ ᠵᠠᠭ  ᠨᠦᠬᠦᠵᠦ ᠲᠠᠷᠢᠬᠤ ᠤᠰᠤᠯᠠᠬᠤ ᠵᠡᠷᠭᠡ ᠨᠢᠭᠡᠨ ᠰᠢᠷᠢᠰ ᠰᠠᠶᠢᠨ ᠲᠤᠷᠠᠴᠤᠳ ᠤᠨ ᠦᠢᠯᠡᠴᠢᠯᠡᠭᠡᠨ ᠤ ᠠᠵᠢᠯᠯᠠᠭ᠎ᠠ ᠦᠷᠨᠢᠭᠦᠯᠵᠦ᠂ ᠪᠤᠳᠠᠳᠤ ᠦᠢᠯᠡ ᠠᠵᠢᠯᠯᠠᠭ᠎ᠠ ᠪᠠᠷ  ᠢᠶᠠᠨ ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠯᠳᠠ ᠪᠠ ᠡᠯᠡᠰᠤ ᠶᠢ ᠰᠡᠷᠭᠡᠶᠢᠯᠡᠨ  ᠵᠠᠰᠠᠬᠤ ᠪᠠᠬᠢᠯᠡᠯᠳᠡ  ᠳᠤ ᠬᠦᠴᠤᠨ ᠨᠡᠮᠡᠷᠢᠯᠡᠵᠡᠢ᠃   ᠠᠯᠠᠱᠠ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ ᠨᠡᠶᠢᠭᠡᠮ ᠤᠨ ᠠᠵᠢᠯ ᠤᠨ ᠬᠡᠯᠳᠡᠰ ᠤᠨ ᠲᠡᠳ᠋ ᠲᠠᠷᠤᠭ᠎ᠠ ᠦ᠋ ᠬᠠᠢ ᠵᠢᠶᠧ᠄ ᠲᠠᠷᠠᠭ᠎ᠠ ᠠᠯᠬᠤᠮ ᠳᠤ᠂  ᠪᠢᠳᠠ  ᠨᠡᠶᠢᠭᠡᠮ ᠤᠨ ᠬᠦᠴᠤᠨ ᠢ ᠲᠠᠶᠢᠴᠢᠯᠠᠠ᠂ ᠰᠠᠶᠢᠨ ᠲᠤᠷ᠎ᠠ ᠶᠢᠨ ᠦᠢᠯᠡᠴᠢᠯᠡᠭᠡᠨ ᠤ ᠵᠤᠷᠢᠭ ᠰᠠᠨᠠᠭ᠎ᠠ ᠶᠢ ᠪᠠᠳᠠᠷᠠᠭᠤᠯᠵᠦ᠂ ︽ᠤᠮᠠᠷᠠᠳᠤ ᠶᠢᠨ ᠭᠤᠷᠪᠠᠨ ᠤᠷᠤᠨ︾ ᠤ ᠢᠨᠵᠧᠨᠧᠷᠢᠩ ᠤᠨ ᠪᠦᠳᠤᠭᠡᠨ ᠪᠠᠶᠢᠭᠤᠯᠤᠯᠳᠠ ᠳᠤ  ᠬᠦᠴᠦᠨ ᠨᠡᠮᠡᠷᠢᠯᠡᠨ᠂ ᠠᠮᠢ ᠠᠬᠤᠢ ᠶᠢᠨ ᠤᠷᠴᠢᠨ ᠲᠤᠭᠤᠷᠢᠨ  ᠢᠶᠠᠨ ᠬᠠᠮᠠᠭᠠᠯᠠᠵᠦ᠂  ᠤᠯᠤᠰ ᠤᠨ ᠤᠮᠠᠷᠠᠳᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ  ᠳᠤ ᠬᠤᠪᠢ ᠨᠡᠮᠡᠷᠢ ᠪᠠᠨ ᠦᠵᠡᠭᠦᠯᠦᠨ᠎ᠡ᠃   ᠲᠤᠰ ᠤᠳᠠᠭᠠᠨ ᠤ ᠰᠠᠶᠢᠨ ᠲᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠨᠢ ︽ᠠᠮᠢ ᠠᠬᠤᠢ ᠶᠢᠨ ᠬᠠᠮᠠᠭᠠᠯᠠᠯᠳᠠ + ᠰᠠᠶᠢᠨ ᠲᠤᠷ᠎ᠠ ᠶᠢᠨ ᠦᠢᠯᠡᠴᠢᠯᠡᠭᠡ︾ ᠶᠢᠨ ᠨᠡᠶᠢᠬᠡᠮᠴᠢᠯᠡᠭᠰᠡᠨ ᠬᠠᠮᠢᠶᠠᠷᠤᠯᠳᠠ ᠬᠠᠮᠠᠭᠠᠯᠠᠯᠳᠠ ᠶᠢᠨ ᠲᠤᠭᠳᠠᠯᠴᠠᠭ᠎ᠠ  ᠶᠢ ᠪᠠᠶᠢᠭᠤᠯᠵᠦ᠂ ᠨᠡᠶᠢᠭᠡᠮ ᠤᠨ ᠡᠯ᠎ᠡ ᠡᠳᠡᠭᠡᠳ ᠤᠨ ᠬᠦᠴᠤᠨ ᠢ ᠨᠢᠭᠳᠠᠷᠠᠭᠤᠯᠵᠦ᠂ ᠠᠯᠠᠱᠠ ᠪᠠᠷᠭᠤᠨ ᠬᠤᠰᠢᠭᠤᠨ  ᠤ ᠠᠮᠢ ᠠᠬᠤᠢ ᠶᠢᠨ ᠤᠷᠴᠢᠨ ᠲᠤᠭᠤᠷᠢᠨ ᠤ ᠰᠠᠶᠢᠨ ᠲᠤᠷ᠎ᠠ ᠶᠢᠨ ᠦᠢᠯᠡᠴᠢᠯᠡᠭᠡᠨ ᠤ ᠠᠵᠢᠯᠯᠠᠭᠠᠨ ᠤ ᠨᠡᠷ᠎ᠡ ᠲᠡᠮᠳᠡᠭ  ᠢ ᠪᠤᠢ ᠪᠤᠯᠭᠠᠵᠦ᠂ ᠪᠦᠬᠦ ᠨᠡᠶᠢᠭᠡᠮ ᠢ ᠲᠠᠶᠢᠴᠢᠯᠠᠨ ᠠᠮᠢ ᠠᠬᠤᠢ ᠶᠢᠨ ᠬᠠᠮᠠᠭᠠᠯᠠᠯᠳᠠ᠂ ᠡᠯᠡᠰᠤ ᠶᠢ ᠰᠡᠷᠭᠡᠶᠢᠯᠡᠨ ᠵᠠᠰᠠᠬᠤ ᠠᠵᠢᠯ ᠳᠤ ᠬᠠᠮᠳᠤ ᠪᠠᠷ ᠤᠷᠤᠯᠴᠠᠠ᠂ ︽ᠠᠮᠢ ᠠᠬᠤᠢ ᠶᠢᠨ ᠬᠠᠮᠠᠭᠠᠯᠠᠯᠳᠠ ᠳᠤ ᠬᠦᠮᠤᠨ ᠪᠦᠬᠦᠨ ᠬᠠᠷᠢᠭᠤᠴᠠᠯᠭ᠎ᠠ ᠲᠠᠢ︾ ᠪᠠᠶᠢᠬᠤ ᠠᠭᠤᠷ ᠠᠮᠢᠰᠬᠤᠯ ᠢ  ᠪᠦᠷᠢᠯᠳᠦᠭᠦᠯᠵᠡᠢ᠃ 
 
ᠢᠷᠡᠯᠲᠡ᠄ ᠠᠯᠠᠱᠠ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号