ᠢᠳᠡᠰᠢᠨ ᠨᠣᠭᠤᠭ᠎ᠠ ᠶᠢᠨ ᠬᠦᠯᠡᠮᠵᠢ ᠳᠤ ᠣᠷᠣᠬᠤ ᠳᠤ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠪᠠᠶᠢᠯ᠎ᠠ᠃ | ᠮᠥᠷ ᠮᠥᠷ ᠲᠠᠷᠢ ᠲᠡᠭᠰᠢ ᠣᠷᠢᠶᠠᠩᠭᠤ ᠶᠢᠨ ᠵᠢᠶᠠᠰᠠ ᠶᠢᠨ ᠬᠤᠭᠤᠷᠣᠨᠳᠣ᠂ ᠲᠥᠪᠡᠳ ᠬᠠᠰᠢ ᠶᠠᠭ ᠨᠢᠭᠡ ᠨᠢᠭᠡ | ᠵᠢᠵᠢᠭ ᠳ᠋ᠧᠩᠯᠦ ᠰᠢᠭ ᠰᠠᠯᠠᠭ᠎ᠠ ᠳᠦᠭᠦᠷᠡᠩ ᠡᠯᠭᠦᠭᠰᠡᠨ ᠪᠠᠶᠢᠯ᠎ᠠ᠃ ᠲᠡᠭᠦᠬᠦ ᠬᠥᠮᠦᠰ ᠣᠷᠢᠶᠠᠩᠭᠤ ᠵᠢᠶᠠᠰᠠ ᠶᠢᠨ | ᠵᠠᠪᠰᠠᠷ ᠢᠶᠠᠷ ᠰᠦᠯᠵᠢᠯᠳᠦᠵᠦ᠂ ᠰᠠᠨᠠᠭᠠᠨ ᠳᠤ ᠳᠠᠭᠠᠷᠠᠭᠰᠠᠨ ᠵᠢᠮᠢᠰ ᠢᠶᠠᠨ ᠰᠣᠩᠭᠤᠵᠤ᠂ ᠨᠢᠭᠤᠷ ᠲᠡᠭᠡᠷ᠎ᠡ ᠨᠢ ᠪᠠᠶᠠᠷ | ᠤᠨ ᠢᠨᠢᠶᠡᠳᠦ ᠢᠯᠡᠷᠡᠨ᠎ᠡ᠃ | | | | | ᠪᠠᠶᠠᠨᠭᠤᠤᠯ ᠰᠤᠮᠤᠨ ᠤ ᠲᠠᠷᠢᠮᠠᠯ ᠤᠨ ᠡᠷᠦᠬᠡ ᠸᠠᠩ ᠽᠤ᠋ ᠸᠧᠨ᠄ ᠪᠢ ᠨᠡᠶᠢᠲᠡ 19 ᠬᠦᠯᠡᠮᠵᠢ ᠲᠠᠢ ᠪᠠᠶᠢᠵᠤ᠂ | 8 ᠵᠦᠢᠯ ᠤᠨ ᠢᠳᠡᠰᠢᠨ ᠨᠤᠭᠤᠭ᠎ᠠ ᠲᠠᠷᠢᠪᠠ᠂ ᠡᠬᠦᠨ ᠳᠤ ᠲᠦᠪᠡᠳ ᠬᠠᠰᠢ ᠬᠠᠮᠤᠭ ᠠᠴᠠ ᠤᠯᠠᠨ ᠲᠠᠷᠢᠵᠠᠢ᠂ ᠤᠳᠤ | ᠲᠦᠪᠡᠳ ᠬᠠᠰᠢ ᠶᠢᠨ ᠵᠠᠬ᠎ᠠ ᠳᠡᠯᠭᠡᠭᠦᠷ ᠤᠨ ᠦᠨ᠎ᠡ ᠨᠢ ᠵᠢᠩ ᠪᠦᠷᠢ ᠳᠡᠭᠡᠨ 3.5 ᠲᠦᠭᠦᠷᠢᠭ᠂ ᠪᠤᠷᠤᠯᠠᠭᠤᠯᠭ᠎ᠠ ᠶᠢᠨ | ᠪᠠᠶᠢᠳᠠᠯ ᠨᠢ ᠮᠠᠰᠢ ᠰᠠᠶᠢᠨ ᠪᠠᠶᠢᠵᠤ᠂ ᠡᠨᠡ ᠵᠢᠯ ᠤᠨ ᠵᠠᠬ᠎ᠠ ᠳᠡᠯᠭᠡᠭᠦᠷ ᠤᠨ ᠦᠨ᠎ᠡ ᠬᠠᠩᠰᠢ ᠶᠢᠨ ᠪᠠᠶᠢᠳᠠᠯ ᠠᠴᠠ | ᠦᠵᠡᠪᠡᠯ᠂ ᠡᠨᠡ ᠵᠢᠯ ᠡᠯᠪᠡᠭ ᠬᠤᠷᠢᠶᠠᠯᠲᠠ ᠲᠠᠢ ᠨᠢᠭᠡ ᠵᠢᠯ ᠪᠣᠯᠣᠨ᠎ᠠ ᠭᠡᠵᠦ ᠪᠣᠳᠤᠵᠤ ᠪᠠᠢᠨ᠎ᠠ᠃ | | | | | | ᠪᠠᠶᠠᠨᠭᠤᠣᠯ ᠰᠤᠮᠤ ᠱᠠᠨᠳᠦ᠋ᠩ ᠪᠣᠯᠤᠨ ᠦ᠋ ᠸᠧᠢ ᠠᠴᠠ ᠰᠢᠯᠢᠳᠡᠭ ᠡᠭᠦᠯᠳᠡᠷ ᠤᠨ ᠵᠢᠮᠢᠰ ᠢᠳᠡᠰᠢᠨ | ᠨᠣᠭᠤᠭ᠎ᠠ ᠶᠢ ᠣᠷᠣᠭᠤᠯᠤᠨ ᠠᠪᠴᠢᠷᠠᠵᠤ᠂ ᠲᠤᠬᠠᠢ ᠶᠢᠨ ᠭᠠᠵᠠᠷ ᠲᠤᠨᠢ ᠮᠠᠲ᠋ᠧᠷᠢᠶᠠᠯ ᠠᠪᠬᠤ ᠤᠢᠢᠯᠠᠭᠠᠭᠳᠠᠬᠤᠨ ᠢ | ᠪᠠᠷᠢᠮᠲᠠᠯᠠᠨ᠂ ᠲᠤᠬᠠᠢ ᠶᠢᠨ ᠭᠠᠵᠠᠷ ᠤᠨ ᠮᠠᠯ ᠤᠨ ᠪᠠᠭᠠᠰᠤ ᠰᠢᠭᠡᠰᠦ ᠶᠢ ᠡᠷᠭᠢᠯᠳᠦᠭᠦᠯᠦᠨ ᠠᠰᠢᠭᠯᠠᠵᠤ᠂ ᠵᠢᠮᠢᠰ | ᠢᠳᠡᠰᠢᠨ ᠨᠣᠭᠤᠭ᠎ᠠ ᠶᠢ ᠤᠷᠭᠤᠭᠤᠯᠬᠤ ᠪᠠᠶᠢᠭᠠᠯᠢ ᠶᠢᠨ ᠪᠤᠷᠳᠤᠭᠤᠷ ᠪᠣᠯᠭᠠᠵᠤ᠂ ᠪᠣᠬᠢᠷᠲᠤᠯ ᠦᠭᠡᠢ ᠲᠠᠷᠢᠬᠤ ᠪᠠ | ᠨᠢᠭᠡ ᠵᠢᠯ ᠳᠤ ᠬᠤᠶᠠᠷ ᠤᠯᠠᠷᠢᠯ ᠤᠨ ᠵᠢᠮᠢᠰ ᠨᠣᠭᠤᠭ᠎ᠠ ᠬᠤᠷᠢᠶᠠᠬᠤ ᠵᠠᠭᠪᠤᠷ ᠢ ᠡᠬᠢᠯᠡᠭᠦᠯᠵᠡᠢ᠃ ᠵᠢᠮᠢᠰ ᠨᠣᠭᠤᠭ᠎ᠠ | ᠪᠣᠯᠪᠠᠰᠤᠷᠠᠬᠤ ᠴᠠᠭ ᠪᠣᠯᠬᠤ ᠪᠦᠷᠢ ᠭᠠᠲᠠᠭᠰᠢ ᠨᠡᠭᠡᠯᠳᠡ ᠭᠢᠵᠤ᠂ ᠡᠷᠬᠢᠨ ᠲᠣᠭᠤᠷᠢᠨ ᠤ ᠭᠠᠵᠠᠷ ᠣᠷᠣᠨ ᠤ ᠭᠦᠮᠦᠰ | ᠢᠳᠡᠰᠢᠨ ᠨᠣᠭᠤᠭ᠎ᠠ ᠶᠢᠨ ᠬᠦᠯᠡᠮᠵᠢ ᠳᠤ ᠢᠷᠡᠵᠤ ᠦᠪᠡᠷ ᠤᠨ ᠢᠳᠡᠭᠦ ᠲᠣᠷᠠᠲᠠᠢ ᠵᠢᠮᠢᠰ ᠨᠣᠭᠣᠭ᠎ᠠ ᠪᠠᠨ ᠲᠡᠭᠦᠳᠡᠭ᠂ | ᠡᠨᠡ ᠨᠢ ᠬᠥᠮᠦᠰ ᠤᠨ ᠲᠡᠭᠦᠭᠦ ᠤᠷᠮ᠎ᠠ ᠪᠠᠬ᠎ᠠ ᠶᠢ ᠬᠠᠩᠭᠠᠬᠤ ᠮᠦᠷᠲᠡᠭᠡᠨ ᠪᠤᠭᠢᠷᠳᠠᠯ ᠦᠭᠡᠢ ᠰᠠᠨᠠᠭ᠎ᠠ ᠠᠮᠤᠷ | ᠵᠢᠮᠢᠰ ᠢᠳᠡᠰᠢᠨ ᠨᠣᠭᠤᠭ᠎ᠠ ᠶᠢ ᠢᠳᠡᠭᠦ ᠪᠣᠯᠣᠨ᠎ᠠ᠃ | | | | | | | ᠪᠠᠶᠠᠨᠭᠤᠤᠯ ᠰᠤᠮᠤᠨ ᠤ ᠲᠠᠷᠢᠮᠠᠯ ᠤᠨ ᠡᠷᠦᠬᠡ ᠸᠠᠩ ᠽᠤ᠋ ᠸᠧᠨ᠄ ᠮᠠᠨ ᠤ ᠰᠤᠮᠤ ᠡᠩ ᠤᠨ ᠦᠶ᠎ᠡ ᠳᠤ ᠪᠠᠰᠠ | ᠤᠷ᠎ᠠ ᠮᠡᠷᠭᠡᠵᠢᠯ ᠤᠨ ᠪᠣᠯᠪᠠᠰᠤᠷᠠᠯ ᠬᠦᠷᠲᠡᠭᠡᠵᠦ᠂ ᠪᠢᠳᠠᠨ ᠤ ᠲᠠᠷᠢᠮᠠᠯ ᠤᠨ ᠬᠠᠮᠢᠶᠠᠷᠤᠯᠲᠠ ᠶᠢᠨ ᠬᠢᠷᠢ ᠲᠦᠪᠰᠢᠨ ᠢ | ᠬᠠᠪᠰᠤᠷᠤᠨ ᠳᠡᠭᠡᠭᠰᠢᠯᠡᠭᠦᠯᠵᠦ᠂ ᠪᠢᠳᠠᠨ ᠤ ᠪᠣᠷᠣᠯᠠᠭᠤᠯᠭ᠎ᠠ ᠶᠢᠨ ᠠᠷᠭ᠎ᠠ ᠵᠠᠮ ᠢ ᠥᠷᠭᠡᠳᠬᠡᠵᠦ᠂ ᠬᠦᠯᠡᠮᠵᠢ ᠳᠤ | ᠪᠠᠲᠤᠯᠠᠭ᠎ᠠ ᠬᠠᠩᠭᠠᠵᠤ᠂ ᠬᠦᠯᠡᠮᠵᠢ ᠶᠢᠨ ᠲᠠᠷᠢᠮᠠᠯ ᠢ ᠨᠠᠩ ᠢᠲᠡᠭᠡᠯ ᠲᠠᠢ ᠪᠣᠯᠭᠠᠪᠠ᠃ | | | | | | | | ᠪᠠᠶᠠᠨᠭᠤᠣᠯ ᠰᠤᠮᠤ ᠲᠦᠷᠦ ᠶᠢᠨ ᠪᠤᠳᠤᠯᠭ᠎ᠠ ᠶᠢᠨ ᠠᠵᠠ ᠲᠣᠬᠢᠶᠠᠯ ᠢ ᠠᠮᠵᠢᠵᠤ᠂ ᠭᠠᠵᠠᠷ ᠰᠢᠷᠣᠢ ᠶᠢᠨ ᠡᠬᠢ | ᠪᠠᠶᠠᠯᠢᠭ ᠢ ᠢᠳᠡᠪᠬᠢᠲᠡᠢ ᠠᠮᠢᠯᠠᠭᠤᠯᠵᠤ᠂ ᠵᠣᠷᠢᠭᠲᠠᠢ ᠪᠠᠷ ᠦᠢᠯᠡᠳᠦᠯᠭᠡᠵᠢᠭᠦᠯᠬᠦ᠂ ᠰᠢᠷᠭᠠᠭᠤ ᠬᠠᠲᠠᠭᠤᠵᠢᠯᠲᠠᠢ | ᠬᠥᠳᠡᠯᠮᠦᠷᠢᠯᠡᠬᠦ ᠪᠠᠷ ᠳᠠᠮᠵᠢᠭᠤᠯᠵᠤ᠂ ᠠᠮᠢ ᠠᠬᠤᠢ ᠶᠢᠨ ᠲᠠᠷᠢᠶᠠᠯᠠᠩ᠂ ᠰᠡᠯᠡᠭᠦᠴᠡᠯ ᠵᠤᠭᠠᠴᠠᠯ᠂ ᠠᠵᠤ ᠦᠢᠯᠡᠰ ᠢ | ᠬᠥᠭᠵᠢᠭᠦᠯᠦᠨ ᠮᠠᠨᠳᠤᠭᠤᠯᠬᠤ ᠵᠡᠷᠭᠡ ᠶᠢ ᠨᠢᠭᠡ ᠴᠤᠬᠴᠠᠵᠢᠭᠤᠯᠤᠬᠰᠠᠨ ᠤᠳᠤ ᠦᠶ᠎ᠡ ᠶᠢᠨ ᠲᠠᠷᠢᠶᠠᠯᠠᠩ ᠤᠨ ᠠᠵᠤ | ᠦᠢᠯᠡᠰ ᠤᠨ ᠵᠠᠭᠪᠤᠷ ᠢ ᠬᠦᠴᠦᠯᠡᠨ ᠪᠠᠶᠢᠭᠤᠯᠵᠤ᠂ ᠲᠠᠷᠢᠮᠠᠯ ᠤᠨ ᠡᠷᠦᠬᠡ ᠶᠢᠨ ᠢᠳᠡᠰᠢᠨ ᠨᠣᠭᠤᠭ᠎ᠠ ᠶᠢᠨ ᠬᠦᠯᠡᠮᠵᠢ ᠶᠢ | ᠣᠷᠣᠯᠭ᠎ᠠ ᠪᠠᠨ ᠨᠡᠮᠡᠭᠳᠡᠭᠦᠯᠦᠨ ᠪᠠᠶᠠᠵᠢᠭᠤᠯᠬᠤ ︽ᠡᠷᠳᠡᠨᠢ ᠶᠢᠨ ᠫᠧᠩᠰᠡ︾ ᠪᠣᠯᠭᠠᠪᠠ᠃ | | | | | | | | | ᠪᠠᠶᠠᠨᠭᠤᠣᠯ ᠰᠤᠮᠤᠨ ᠤ ᠨᠠᠮ ᠤᠨ ᠬᠤᠷᠢᠶᠠᠨ ᠤ ᠭᠡᠰᠢᠭᠦᠨ᠂ ᠳᠡᠳ᠋ ᠰᠤᠮᠤᠨ ᠳᠠᠷᠤᠭ᠎ᠠ ᠹᠠᠨ ᠺᠧ ᠸᠧᠢ᠄ ᠰᠤᠮᠤ᠂ | ᠰᠠᠯᠠᠭ᠎ᠠ ᠮᠥᠴᠢᠷ᠂ ᠭᠠᠴᠠᠭ᠎ᠠ ︽ᠭᠤᠷᠪᠠᠨ ᠱᠠᠲᠤ ᠬᠤᠯᠪᠣᠭᠠᠯᠠᠨ ᠬᠥᠳᠡᠯᠦᠯᠴᠡᠬᠦ︾᠂ ᠰᠤᠮᠤᠨ ᠤ ᠪᠠᠭ ᠤᠨ | ᠪᠦᠷᠢᠯᠳᠦᠬᠦᠨ ᠤ ᠭᠠᠴᠠᠭᠠᠨ ᠤ ᠳᠠᠭᠠᠭᠠᠴᠢᠯᠠᠨ ᠬᠤᠯᠪᠣᠭᠠᠯᠠᠬᠤ ᠲᠦᠷᠢᠮ ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ | ᠂ ︽ᠨᠢᠭᠡ ᠭᠠᠴᠠᠭ᠎ᠠ ᠨᠢᠭᠡ ᠣᠨᠴᠠᠯᠢᠭ︾ ᠳᠤ ᠠᠩᠬᠠᠷᠤᠯ ᠢᠶᠠᠨ ᠲᠥᠪᠯᠡᠷᠡᠭᠦᠯᠵᠦ᠂ ︽ᠨᠠᠮ ᠤᠨ ᠡᠭᠦᠷ + ᠲᠤᠰᠬᠠᠶ | ᠬᠤᠷᠰᠢᠶ᠎ᠠ + ᠲᠠᠷᠢᠶᠠᠴᠢᠨ ᠡᠷᠦᠬᠡ︾ ᠶᠢᠨ ᠨᠠᠮ ᠤᠨ ᠪᠠᠶᠢᠭᠤᠯᠤᠯᠲᠠ ᠶᠢᠨ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢ ᠠᠬᠢᠭᠤᠯᠬᠤ ᠠᠵᠢᠯ ᠤᠨ ᠲᠣᠭᠲᠠᠴᠠ ᠶᠢ ᠪᠥᠬᠦ ᠲᠠᠯ᠎ᠠ ᠪᠠᠷ ᠬᠡᠷᠡᠭᠵᠢᠭᠦᠯᠵᠦ᠂ ᠣᠶᠤᠨ ᠴᠢᠳᠠᠯ ᠢᠶᠠᠨ | ᠲᠥᠪᠯᠡᠷᠡᠭᠦᠯᠦᠨ ᠲᠡᠮᠡᠭᠡᠨ ᠰᠦ ᠶᠢᠨ ᠠᠵᠤ ᠦᠢᠯᠡᠰ᠂ ᠰᠣᠶᠣᠯ ᠵᠢᠭᠤᠯᠴᠢᠯᠠᠯ ᠤᠨ ᠠᠵᠤ ᠦᠢᠯᠡᠰ᠂ ᠴᠠᠭᠠᠨ | ᠨᠣᠯᠤᠤᠷᠲᠤ ᠢᠮᠠᠭ᠎ᠠ ᠲᠡᠵᠢᠭᠡᠨ ᠦᠷᠡᠵᠢᠭᠦᠯᠬᠦ᠂ ᠳᠤᠯᠠᠭᠠᠨ ᠰᠠᠷᠠᠪᠴᠢᠲᠤ ᠵᠢᠮᠢᠰ ᠨᠣᠭᠤᠭ᠎ᠠ ᠵᠡᠷᠭᠡ ᠭᠠᠴᠠᠭᠠᠨ ᠤ | ᠬᠠᠮᠲᠤ ᠶᠢᠨ ᠠᠵᠤ ᠠᠬᠤᠶ ᠶᠢ ᠬᠥᠭᠵᠢᠭᠦᠯᠵᠦ᠂ ᠮᠠᠯᠴᠢᠨ ᠲᠠᠷᠢᠶᠠᠴᠢᠨ ᠤ ᠣᠷᠣᠯᠭ᠎ᠠ ᠶᠢ ᠨᠡᠮᠡᠭᠳᠡᠭᠦᠯᠦᠨ | ᠪᠠᠶᠠᠵᠢᠭᠤᠯᠬᠤ ᠳᠤ ᠬᠦᠴᠦᠨ ᠨᠡᠮᠡᠷᠢᠯᠡᠪᠡ᠃ | | | | | |