ᠪᠦᠬᠦ ᠬᠤᠰᠢᠭᠤᠨ ᠤ ᠠᠵᠢᠯᠴᠢᠨ ᠤ ᠶᠡᠷᠦᠩᠬᠡᠶ ᠡᠪᠯᠡᠯ ᠪᠠᠶᠢᠭᠤᠯᠤᠭᠳᠠᠭᠰᠠᠨ 100 ᠵᠢᠯ ᠤᠨ ᠣᠶ ᠶᠢ ᠪᠡᠯᠭᠡᠯᠡᠵᠦ | ᠪᠥᠬᠦ ᠬᠤᠰᠢᠭᠤᠨ ᠤ ᠥᠷᠭᠡᠨ ᠣᠯᠠᠨ ᠠᠵᠢᠯᠲᠠᠨ ᠠᠵᠢᠯᠴᠢᠨ ᠤ ᠰᠣᠶᠣᠯ ᠪᠡᠶ᠎ᠡ ᠶᠢᠨ ᠲᠠᠮᠢᠷ ᠤᠨ ᠠᠮᠢᠳᠤᠷᠠᠯ ᠢ | ᠪᠠᠶᠠᠯᠢᠭᠵᠢᠭᠤᠯᠵᠤ᠂ ᠠᠵᠢᠯᠲᠠᠨ ᠠᠵᠢᠯᠴᠢᠨ ᠤ ᠪᠡᠶ᠎ᠡ ᠮᠠᠬᠠᠪᠣᠳ ᠤᠨ ᠬᠡᠪ ᠴᠢᠨᠠᠷ ᠢ ᠳᠡᠭᠡᠭᠰᠢᠯᠡᠭᠦᠯᠵᠦ᠂ ᠪᠦᠯᠬᠦᠮ | ᠨᠡᠶᠢᠲᠡ ᠶᠢᠨ ᠨᠢᠭᠲᠠᠷᠠᠯ ᠤᠨ ᠬᠦᠴᠦᠨ ᠢ ᠴᠢᠩᠭᠠᠷᠠᠭᠤᠯᠬᠤ ᠶᠢᠨ ᠲᠦᠯᠤᠭᠡ᠂ 5 ᠰᠠᠷ᠎ᠠ ᠶᠢᠨ 22 ᠤ ᠡᠳᠦᠷ ᠠᠯᠠᠱᠠ | ᠪᠠᠷᠠᠭᠤᠨ ᠬᠤᠰᠢᠭᠤᠨ ᠤ ᠠᠵᠢᠯᠴᠢᠨ ᠤ ᠶᠡᠷᠦᠩᠬᠡᠶ ᠡᠪᠯᠡᠯ ᠪᠥᠬᠦ ᠬᠤᠰᠢᠭᠤᠨ ᠤ ᠠᠵᠢᠯᠲᠠᠨ ᠠᠵᠢᠯᠴᠢᠨ ᠤ | ᠰᠣᠨᠢᠷᠬᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠡᠷᠭᠢᠯᠡᠪᠡ᠃ | | | | | | | | ᠲᠤᠰ ᠤᠳᠠᠭᠠᠨ ᠤ ᠰᠤᠨᠢᠷᠬᠠᠯᠳᠦ ᠲᠠᠮᠢᠷ ᠤᠨ ᠤᠷᠤᠯᠳᠤᠭᠠᠨ ᠨᠢ ᠲᠡᠭᠡᠰᠦ ᠦᠰᠦᠷᠬᠦ᠂ ᠯᠤᠤᠳᠦ ᠤᠩᠭᠤᠴᠠ | ᠤᠷᠤᠯᠳᠤᠬᠤ᠂ ᠰᠤᠨᠢᠷᠬᠠᠯᠳᠦ ᠰᠠᠭᠰᠤᠨ ᠪᠦᠮᠪᠦᠭᠡ ᠰᠠᠭᠰᠤᠯᠠᠬᠤ᠂ ᠬᠡᠩᠬᠡᠷᠬᠡ ᠲᠡᠯᠡᠳᠭᠦ ᠵᠡᠷᠭᠡ ᠰᠤᠨᠢᠷᠬᠠᠯᠳᠦ | ᠤᠷᠤᠯᠳᠤᠭᠠᠨ ᠤ ᠲᠦᠷᠦᠯ ᠵᠦᠢᠯ ᠢ ᠲᠣᠭᠢᠷᠠᠭᠤᠯᠵᠤ᠂ ᠤᠷᠤᠯᠳᠤᠭᠠᠨ ᠤ ᠲᠠᠯᠠᠪᠤᠷ ᠲᠤ᠂ ᠠᠵᠢᠯᠴᠢᠳ ᠬᠦᠴᠦ | ᠬᠥᠯᠥᠰᠥ ᠪᠠᠨ ᠤᠷᠤᠰᠬᠠᠨ᠂ ᠤᠷᠮ᠎ᠠ ᠵᠣᠷᠢᠭ ᠢᠶᠠᠨ ᠬᠥᠪᠴᠢᠯᠡᠵᠦ᠂ ᠬᠦᠴᠦ ᠨᠡᠮᠡᠵᠦ᠂ ᠬᠠᠰᠬᠢᠷᠬᠤ ᠳᠠᠭᠤᠨ᠂ | ᠪᠠᠶᠠᠷᠯᠠᠨ ᠢᠨᠢᠶᠡᠯᠴᠡᠬᠦ ᠳᠠᠭᠤᠨ ᠰᠣᠯᠪᠢᠴᠠᠨ ᠬᠤᠯᠪᠣᠯᠳᠤᠵᠤ᠂ ᠪᠦᠬᠦ᠋ᠢᠯᠡ ᠤᠷᠤᠯᠳᠤᠭᠠᠨ ᠤ ᠲᠠᠯᠠᠪᠤᠷ ᠨᠢ ᠪᠠᠶᠠᠷ | ᠪᠠᠶᠠᠰᠬᠤᠯᠠᠩ ᠤᠨ ᠲᠠᠯᠠᠢ ᠪᠣᠯᠵᠠᠢ᠃ | | | | | | | | | | ᠠᠯᠠᠱᠠ ᠪᠠᠷᠠᠭᠤᠨ ᠬᠤᠰᠢᠭᠤᠨ ᠤ ᠠᠷᠠᠳ ᠤᠨ ᠰᠢᠭᠦᠬᠦ ᠬᠤᠷᠢᠶᠠᠨ ᠤ ᠰᠢᠭᠦᠭᠴᠢ ᠶᠢᠨ ᠲᠤᠰᠠᠯᠠᠭᠴᠢ ᠶᠧ ᠵᠣᠣ | ᠢᠦᠶ ᠬᠡᠯᠡᠭᠰᠡᠨ ᠨᠢ᠄ ︽ᠡᠩ ᠤᠨ ᠦᠶ᠎ᠡ ᠶᠢᠨ ᠠᠵᠢᠯ ᠤᠨ ᠠᠶᠢᠵᠠᠮ ᠲᠦᠷᠭᠡᠨ᠂ ᠬᠠᠮᠲᠤ ᠠᠵᠢᠯᠯᠠᠭᠰᠠᠳ ᠲᠠᠢ ᠪᠠᠨ | ᠢᠩᠭᠢᠵᠦ ︿ᠮᠥᠷᠥ ᠵᠡᠷᠭᠡᠴᠡᠨ ᠪᠠᠶᠢᠯᠳᠤᠬᠤ﹀ ᠲᠣᠬᠢᠶᠠᠯ ᠲᠤᠩ ᠴᠥᠭᠡᠨ᠂ ᠥᠨᠥᠳᠦᠷ ᠤᠨ ᠭᠦᠳᠡᠯᠭᠡᠭᠡᠨ ᠨᠢ | ᠨᠠᠳᠠ ᠳᠤ ᠪᠦᠯᠬᠦᠮ ᠤᠨ ᠨᠢᠭᠲᠠᠷᠠᠯ ᠤᠨ ᠬᠦᠴᠦᠨ ᠢ ᠮᠡᠳᠡᠷᠡᠭᠦᠯᠵᠦ ᠮᠠᠰᠢ ᠣᠯᠠᠨ ᠪᠠᠶᠠᠷ ᠪᠠᠶᠠᠰᠤᠯ ᠬᠦᠷᠲᠡᠭᠰᠡᠨ︾ | ᠭᠡᠵᠡᠶ᠃ | | | | | | | ᠲᠣᠰ ᠤᠳᠠᠭᠠᠨ ᠤ ᠰᠣᠨᠢᠷᠬᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠢ ᠠᠮᠵᠢᠯᠲᠠ ᠲᠠᠢ ᠡᠷᠬᠢᠯᠡᠭᠰᠡᠨ ᠨᠢ | ᠪᠥᠬᠦ ᠬᠤᠰᠢᠭᠤᠨ ᠤ ᠥᠷᠭᠡᠨ ᠣᠯᠠᠨ ᠺᠠᠳ᠋ᠷ ᠠᠵᠢᠯᠲᠠᠨ ᠠᠵᠢᠯᠴᠢᠨ ᠳᠤ ᠥᠪᠡᠷ ᠤᠨ ᠤᠷ ᠠᠪᠢᠶᠠᠰ ᠢᠶᠠᠨ ᠣᠯᠠᠨ ᠳᠤ | ᠬᠠᠷᠠᠭᠤᠯᠵᠤ᠂ ᠪᠡᠶ᠎ᠡ ᠮᠠᠬᠠᠪᠣᠳ ᠢᠶᠠᠨ ᠪᠣᠯᠪᠠᠰᠤᠷᠠᠭᠤᠯᠬᠤ ᠲᠠᠪᠴᠠᠩ ᠬᠠᠩᠭᠠᠵᠤ᠂ ᠠᠵᠢᠯᠲᠠᠨ ᠠᠵᠢᠯᠴᠢᠨ ᠤ | ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ ᠤᠯᠠᠮ ᠨᠢᠭᠡ ᠠᠯᠬᠤᠮ ᠪᠠᠶᠠᠯᠢᠭᠵᠢᠭᠤᠯᠵᠤ᠂ ᠪᠦᠯᠬᠦᠮ | ᠨᠡᠶᠢᠲᠡ ᠶᠢᠨ ᠨᠢᠭᠲᠠᠷᠠᠯ ᠤᠨ ᠬᠦᠴᠦᠨ ᠪᠠ ᠲᠥᠪᠯᠡᠩᠭᠦᠶ ᠬᠦᠴᠦᠨ ᠢ ᠨᠡᠮᠡᠭᠳᠡᠭᠦᠯᠪᠡ᠃ ᠪᠥᠬᠦ ᠬᠤᠰᠢᠭᠤᠨ ᠤ | ᠪᠠᠶᠢᠭᠤᠯᠭ᠎ᠠ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ 270 ᠭᠠᠷᠤᠶ ᠺᠠᠳ᠋ᠷ ᠠᠵᠢᠯᠲᠠᠨ | ᠤᠷᠤᠯᠳᠤᠭᠠᠨ ᠳᠤ ᠣᠷᠣᠯᠴᠠᠵᠤ᠂ ᠲᠡᠮᠡᠴᠡᠯ ᠤᠨ ᠳᠦᠷᠰᠦ ᠪᠠᠶᠢᠳᠠᠯ ᠢᠶᠠᠷ ᠰᠢᠨ᠎ᠡ ᠴᠠᠭ ᠦᠶ᠎ᠡ ᠶᠢᠨ | ᠬᠥᠳᠡᠯᠮᠦᠷᠢᠴᠢᠳ ᠤᠨ ᠡᠷᠡᠯᠬᠡᠭᠯᠡᠨ ᠤᠷᠤᠭᠰᠢᠯᠠᠬᠤ ᠴᠤᠭ ᠵᠢᠪᠬᠤᠭ᠎ᠠ ᠶᠢ ᠲᠠᠶᠢᠯᠪᠤᠷᠢᠯᠠᠪᠠ᠃ | | | | | | | | | | ᠠᠯᠠᠱᠠ ᠪᠠᠷᠠᠭᠤᠨ ᠬᠤᠰᠢᠭᠤᠨ ᠤ ᠠᠵᠢᠯᠴᠢᠨ ᠤ ᠶᠡᠷᠦᠩᠬᠡᠶ ᠡᠪᠯᠡᠯ ᠤᠨ ᠨᠠᠮ ᠤᠨ ᠤᠳᠤᠷᠢᠳᠬᠤ | ᠳᠤᠭᠤᠶᠢᠯᠠᠩ ᠤᠨ ᠱᠦᠵᠢ ᠨᠠᠪᠴᠢ᠄ ︽ᠠᠯᠠᠱᠠ ᠪᠠᠷᠠᠭᠤᠨ ᠬᠤᠰᠢᠭᠤᠨ ᠤ ᠠᠵᠢᠯᠴᠢᠨ ᠤ ᠶᠡᠷᠦᠩᠬᠡᠶ ᠡᠪᠯᠡᠯ | ᠠᠵᠢᠯᠲᠠᠨ ᠳᠤ ᠦᠢᠯᠡᠴᠢᠯᠡᠬᠦ ᠵᠣᠷᠢᠯᠲᠠ ᠶᠢ ᠦᠷᠭᠦᠯᠵᠢᠯᠡᠨ ᠪᠠᠷᠢᠮᠲᠠᠯᠠᠵᠤ᠂ ᠨᠠᠩ ᠣᠯᠠᠨ ᠪᠠᠶᠠᠯᠢᠭ ᠠᠭᠤᠯᠭ᠎ᠠ ᠲᠠᠢ | ᠰᠣᠶᠣᠯ ᠲᠠᠮᠢᠷ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠠᠵᠢᠯᠲᠠᠨ ᠠᠵᠢᠯᠴᠢᠨ ᠤ | ᠬᠠᠷᠢᠶᠠᠯᠠᠭᠳᠠᠬᠤ ᠰᠡᠳᠬᠢᠯᠭᠡ ᠪᠠ ᠵᠣᠯ ᠵᠢᠷᠭᠠᠯᠲᠤ ᠲᠥᠷᠥᠭᠳᠡᠯ ᠢ ᠲᠠᠰᠤᠷᠠᠯᠲᠠ ᠥᠬᠡᠶ ᠨᠡᠮᠡᠭᠳᠡᠭᠦᠯᠦᠨ᠂ ᠪᠥᠬᠦ | ᠬᠤᠰᠢᠭᠤᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠳᠤ ᠬᠦᠴᠦᠷᠬᠡᠭ ᠶᠡᠭᠡ | ᠨᠡᠶᠢᠯᠡᠮᠡᠯ ᠬᠦᠴᠦᠨ ᠢ ᠨᠢᠭᠲᠠᠷᠠᠭᠤᠯᠤᠨ᠎ᠠ︾ ᠭᠡᠵᠡᠶ᠃ | |