ᠱᠧᠨ ᠲᠦᠸᠧ ᠰᠦ ᠶᠢᠨ ᠦᠢᠯᠡᠰ ᠦᠨ ᠺᠣᠮᠫᠠᠨᠢ ᠪᠦᠬᠦ ᠣᠷᠣᠨ ᠤ ᠠᠩᠬᠠᠳᠠᠭᠴᠢ《ᠦᠪᠦᠷ ᠮᠤᠩᠭᠣᠯ ᠨᠡᠷᠡᠮᠵᠢᠳᠦ 》ᠲᠦᠷᠦᠯ ᠲᠡᠮᠳᠡᠭᠳᠦ ᠶᠢᠨ ᠭᠡᠷᠡᠴᠢᠯᠡᠯ ᠤᠯᠤᠭᠰᠠᠨ ᠢᠩᠭᠡᠨ ᠰᠦᠨ ᠲᠠᠯᠠᠬ᠎ᠠ  ᠶᠢᠨ ᠠᠵᠤ ᠠᠬᠤᠢᠯᠠᠯ ᠪᠣᠯᠪᠠ
ᠨᠡᠶᠢᠲᠡᠯᠡᠭᠰᠡᠨ ᠴᠠᠭ᠄
2025/5/27
    ᠦᠢᠷ᠎ᠠ ᠳᠤ᠂ ᠠᠯᠠᠱᠠ ᠪᠠᠷᠠᠭᠤᠨ ᠬᠤᠰᠢᠭᠤᠨ ᠤ ᠱᠧᠨ ᠲᠦᠸᠧ ᠰᠦ ᠶᠢᠨ ᠦᠢᠯᠡᠰ ᠦᠨ ᠰᠢᠨᠵᠢᠯᠡᠭᠡ ᠮᠡᠷᠭᠡᠵᠢᠯ ᠦᠨ ᠭᠢᠵᠠᠭᠠᠷᠳᠤ ᠺᠣᠮᠫᠠᠨᠢ ︽ᠦᠪᠦᠷ ᠮᠣᠩᠭᠤᠯ ᠨᠡᠷᠡᠮᠵᠢᠳᠦ︾ ᠲᠦᠷᠦᠯ ᠲᠡᠮᠳᠡᠭᠳᠦ ᠶᠢᠨ ᠭᠡᠷᠡᠴᠢᠯᠡᠯᠳᠡ ᠶᠢ ᠦᠩᠭᠡᠷᠡᠭᠡᠵᠦ᠂ ᠪᠦᠭᠦ ᠣᠷᠣᠨ ᠤ ᠢᠩᠭᠡᠨ ᠰᠦᠨ ᠲᠠᠯᠠᠬ᠎ᠠ ᠶᠢᠨ ᠠᠵᠦ ᠦᠢᠯᠡᠰ ᠦᠨ ᠠᠩᠬᠠᠳᠠᠭᠴᠢ ᠦᠨᠡᠮᠯᠡᠯ ᠤᠯᠤᠭᠰᠠᠨ ᠠᠵᠤ ᠠᠬᠤᠶᠢᠯᠠᠯ ᠪᠣᠯᠣᠭᠰᠠᠨ ᠪᠠᠶᠢᠨ᠎ᠠ᠃
    ᠠᠯᠠᠱᠠ ᠪᠠᠷᠠᠭᠤᠨ ᠬᠤᠰᠢᠭᠤᠨ ᠤ ᠱᠧᠨ ᠲᠦᠸᠧ ᠰᠦ ᠶᠢᠨ ᠦᠢᠯᠡᠰ ᠦᠨ ᠰᠢᠨᠵᠢᠯᠡᠭᠡ ᠮᠡᠷᠭᠡᠵᠢᠯ ᠦᠨ ᠭᠢᠵᠠᠭᠠᠷᠳᠤ ᠺᠣᠮᠫᠠᠨᠢ ᠪᠣᠯ ᠲᠡᠮᠡᠭᠡ ᠶᠢ ᠲᠦᠪᠯᠡᠷᠡᠭᠦᠯᠦᠨ ᠮᠠᠯᠵᠢᠵᠤ᠂ ᠢᠩᠭᠡᠨ ᠰᠦ ᠰᠠᠭᠠᠯᠢ ᠶᠢᠨ ᠪᠦᠳᠦᠭᠡᠭᠳᠡᠭᠦᠨ ᠢ ᠰᠣᠳᠤᠯᠤᠨ ᠨᠡᠭᠡᠭᠡᠭᠦ᠂ ᠦᠢᠯᠡᠳᠪᠦᠷᠢᠯᠡᠭᠦ᠂ ᠪᠣᠷᠤᠯᠠᠭᠤᠯᠬᠤ ᠶᠢ ᠨᠢᠭᠡ ᠴᠣᠭᠴᠠᠵᠢᠭᠤᠯᠤᠭᠰᠠᠨ ᠠᠵᠦ  ᠠᠬᠤᠶᠢᠯᠠᠯ ᠪᠠᠶᠢᠵᠤ᠂ ᠵᠢᠯ ᠳᠦ 18000 ᠲᠤᠨ ᠢᠩᠭᠡᠨ ᠰᠦ ᠶᠢ ᠨᠠᠷᠢᠯᠢᠭ ᠡᠳ᠋ᠰᠢᠭᠦᠯᠦᠨ ᠪᠣᠯᠪᠠᠰᠤᠷᠠᠭᠤᠯᠬᠤ 2 ᠦᠢᠯᠡᠳᠪᠦᠷᠢᠯᠡᠯ ᠦᠨ ᠱᠤᠭᠣᠮ ᠢ  ᠪᠠᠶᠢᠭᠤᠯᠤᠨ᠂ 129 ᠲᠡᠮᠡᠭᠡ ᠮᠠᠯᠵᠢᠯ ᠤᠨ ᠲᠤᠰᠬᠠᠢ ᠬᠣᠷᠰᠢᠶᠠᠵᠢᠯ ᠵᠢᠴᠢ 1000 ᠭᠠᠷᠦᠢ ᠲᠡᠮᠡᠭᠡᠴᠢᠨ ᠡᠷᠦᠭᠡ ᠲᠠᠢ ᠬᠠᠮᠳᠤᠷᠠᠯᠴᠠᠬᠤ ᠬᠠᠷᠢᠴᠠᠬ᠎ᠠ  ᠪᠠᠶᠢᠭᠤᠯᠵᠣ᠂ ᠢᠩᠭᠡᠨ ᠰᠦ᠂ ᠡᠭᠡᠳᠡᠭᠰᠡᠨ ᠰᠦ᠂ ᠰᠦᠨ ᠲᠠᠯᠠᠬ᠎ᠠ᠂ ᠢᠩᠭᠡᠨ ᠰᠦ  ᠶᠢᠨ ᠰᠤᠯᠠ ᠢᠳᠡᠭᠡᠨ ᠵᠡᠷᠭᠡ ᠶᠢ ᠦᠢᠯᠡᠳᠪᠦᠷᠢᠯᠡᠨ ᠡᠵᠡᠭᠨᠡᠳᠡᠭ ᠪᠠᠶᠢᠨ᠎ᠠ᠃ ᠲᠣᠰ ᠤᠳᠠᠭ᠎ᠠ ᠱᠧᠨ ᠲᠦᠸᠧ ᠰᠦ ᠶᠢᠨ ᠦᠢᠯᠡᠰ ᠦᠨ ᠰᠢᠨᠵᠢᠯᠡᠭᠡ ᠮᠡᠷᠭᠡᠵᠢᠯ ᠦᠨ ᠭᠢᠵᠠᠭᠠᠷᠳᠤ ᠺᠣᠮᠫᠠᠨᠢ ᠶᠢᠨ ᠨᠢᠭᠡ ᠯᠠᠰᠠ 320 ᠭᠷᠡᠮ ᠱᠧᠨ ᠲᠦᠸᠧ ᠲᠡᠮᠳᠡᠭᠳᠦ ᠢᠩᠭᠡᠨ ᠰᠦᠨ ᠲᠠᠯᠠᠬ᠎ᠠ ᠂ ᠨᠢᠭᠡ ᠯᠠᠰᠠ 300  ᠭᠷᠡᠮ ᠦᠨ ᠱᠧᠨ ᠲᠦᠸᠧ ᠲᠡᠮᠳᠡᠭᠳᠦ ᠢᠩᠭᠡᠨ ᠰᠦᠨ ᠲᠠᠯᠠᠬ᠎ᠠ ᠂ ᠨᠢᠭᠡ ᠯᠠᠰᠠ 300  ᠭᠷᠡᠮ ᠦᠨ ᠲᠦᠸᠧ ᠪᠠᠢ ᠲᠡᠮᠳᠡᠭᠳᠦ ᠢᠩᠭᠡᠨ ᠰᠦᠨ ᠲᠠᠯᠠᠬ᠎ᠠ  ᠪᠣᠯᠤᠨ ᠨᠢᠭᠡ ᠯᠠᠰᠠ 300 ᠭᠷᠡᠮ ᠦᠨ ᠲᠡᠮᠡᠭᠡᠨ ᠰᠦ ᠲᠡᠮᠳᠡᠭᠳᠦ ᠢᠩᠭᠡᠨ ᠰᠦᠨ ᠲᠠᠯᠠᠬ᠎ᠠ  ᠵᠡᠷᠭᠡ 4  ᠲᠦᠷᠦᠯ ᠦᠨ ᠰᠦᠨ ᠲᠠᠯᠠᠬ᠎ᠠ ᠳᠤ ᠭᠡᠷᠡᠴᠢᠯᠡᠯᠳᠡ ᠭᠢᠭᠰᠡᠨ ᠪᠠᠶᠢᠨ᠎ᠠ᠃
         ︽ᠦᠪᠦᠷ ᠮᠣᠩᠭᠤᠯ ᠨᠡᠷᠡᠮᠵᠢᠳᠦ︾ ᠲᠦᠷᠦᠯ ᠲᠡᠮᠳᠡᠭᠳᠦ ᠶᠢᠨ ᠭᠡᠷᠡᠴᠢᠯᠡᠯᠳᠡ ᠶᠢᠨ ᠨᠦᠭᠦᠴᠡᠯ ᠱᠠᠭᠠᠷᠳᠠᠯᠭ᠎ᠠ᠂ ᠲᠡᠰ ᠪᠠᠷᠢᠮᠵᠢᠶ᠎ᠠ ᠲᠦᠢᠯ ᠦᠨ ᠦᠨᠳᠦᠷ ᠪᠠᠶᠢᠵᠣ᠂ 2024 ᠤᠨ ᠳᠤ ᠣᠯᠣᠰ ᠤᠨ ᠵᠠᠬ᠎ᠠ ᠲᠡᠯᠭᠡᠭᠦᠷ ᠦᠨ ᠭᠢᠨᠠᠯᠳᠠ ᠬᠠᠮᠢᠶᠠᠷᠣᠯᠳᠠ ᠶᠢᠨ ᠶᠡᠷᠦᠩᠭᠡᠢ ᠲᠤᠪᠴᠢᠶ᠎ᠠ ᠡᠴᠡ ᠪᠦᠭᠦ ᠤᠯᠤᠰ ᠤᠨ ᠶᠠᠰᠤ ᠴᠢᠨᠠᠷ ᠤᠨ ᠭᠡᠷᠡᠴᠢᠯᠡᠯ ᠦᠨ ᠦᠢᠯᠡᠴᠢᠯᠡᠭᠡᠨ ᠦ ᠠᠵᠦ ᠦᠢᠯᠡᠰ ᠦᠨ ᠴᠢᠨᠠᠷ ᠰᠠᠶᠢᠲᠠᠢ ᠭᠦᠭᠵᠢᠯᠳᠡ ᠶᠢᠨ ᠰᠢᠯᠢᠳᠡᠭ ᠭᠡᠷᠡᠭ ᠦᠨ ᠵᠢᠱᠢᠶ᠎ᠡ ᠪᠡᠷ ᠵᠢᠭᠰᠠᠭᠠᠭᠲᠠᠪᠠ᠃ ᠦᠢᠷ᠎ᠠ ᠶᠢᠨ ᠵᠢᠯ ᠳᠦ᠂  ᠠᠶᠢᠮᠠᠭ ᠤᠨ ᠵᠠᠬ᠎ᠠ ᠲᠡᠯᠭᠡᠭᠦᠷ ᠦᠨ ᠭᠢᠨᠠᠯᠳᠠ ᠬᠠᠮᠢᠶᠠᠷᠣᠯᠳᠠ ᠶᠢᠨ ᠲᠤᠪᠴᠢᠶ᠎ᠠ ᠣᠨᠴᠠᠯᠢᠭᠲᠤ ᠲᠠᠪᠠᠭᠤᠯᠢᠭ ᠠᠵᠤ ᠦᠢᠯᠡᠰ ᠲᠦ ᠠᠩᠬᠠᠷᠤᠯ ᠢᠶᠠᠨ ᠲᠦᠪᠯᠡᠷᠡᠭᠦᠯᠵᠤ᠂ ᠵᠠᠰᠠᠭ ᠤᠨ ᠣᠷᠳᠤᠨ — ᠠᠵᠤ  ᠠᠬᠤᠶᠢᠯᠠᠯ — ᠭᠡᠷᠡᠴᠢᠯᠡᠯ ᠦᠨ ᠪᠠᠶᠢᠭᠤᠯᠤᠮᠵᠢ  ᠶᠢᠨ ︽ᠭᠤᠷᠪᠠ ᠶᠢ ᠨᠢᠭᠡ ᠴᠤᠭᠴᠠᠵᠢᠭᠤᠯᠬᠤ︾ ᠲᠣᠭᠲᠠᠴᠠ ᠶᠢ  ᠪᠠᠶᠢᠭᠤᠯᠬᠤ᠂ ᠰᠦᠯᠵᠢᠶ᠎ᠡ ᠪᠠ ᠰᠦᠯᠵᠢᠶᠠᠨ ᠭᠠᠳᠠᠨᠠᠭᠢ ᠶᠢᠨ ᠣᠯᠠᠨ ᠲᠦᠷᠦᠯ ᠢᠶᠡᠷ ᠣᠬᠠᠭᠣᠯᠬᠤ᠂ ᠭᠡᠷᠡᠴᠢᠯᠡᠯᠳᠡ ᠶᠢᠨ ᠪᠦᠬᠦ ᠶᠠᠪᠤᠴᠠ ᠳᠤ ᠭᠢᠨᠠᠯᠳᠠ ᠬᠠᠮᠢᠶᠠᠷᠤᠯᠳᠠ ᠭᠢᠭᠦ ᠵᠡᠷᠭᠡ ᠠᠷᠭ᠎ᠠ ᠭᠡᠯᠪᠡᠷᠢ ᠪᠡᠷ ᠲᠠᠮᠵᠢᠭᠤᠯᠤᠨ᠂ ︽ᠦᠪᠦᠷ ᠮᠣᠩᠭᠤᠯ ᠨᠡᠷᠡᠮᠵᠢᠳᠦ︾ ᠲᠦᠷᠦᠯ ᠲᠡᠮᠳᠡᠭᠳᠦ ᠶᠢᠨ ᠭᠡᠷᠡᠴᠢᠯᠡᠯᠳᠡ  ᠶᠢ ᠣᠯᠭᠤᠬᠤ ᠠᠵᠢᠯ ᠢ ᠢᠳᠡᠪᠭᠢᠲᠠᠢ ᠠᠭᠢᠭᠤᠯᠵᠤ᠂ ᠣᠳᠤ ᠪᠣᠯᠬᠤ ᠳᠤ ᠪᠦᠭᠦ ᠠᠶᠢᠮᠠᠭ ᠨᠢᠭᠡᠨᠳᠡ12 ᠵᠦᠢᠯ ᠦᠨ ᠲᠦᠷᠦᠯ ᠲᠡᠮᠳᠡᠭᠳᠦ ᠶᠢᠨ ᠭᠡᠷᠡᠴᠢᠯᠡᠯ ᠦᠨ ᠪᠠᠷᠢᠮᠵᠢᠶ᠎ᠠ ᠶᠢ  ᠨᠠᠶᠢᠳᠠᠪᠣᠷᠢᠵᠢᠭᠤᠯᠵᠤ᠂ 20 ᠭᠦᠮᠦᠨ ᠢ ᠲᠣᠰᠬᠠᠢ ᠮᠡᠷᠭᠡᠯᠵᠢᠳᠡᠨ ᠦ ᠡᠩᠨᠡᠭᠡ ᠳᠦ ᠣᠷᠣᠭᠣᠯᠤᠨ᠂ 18  ᠠᠵᠤ ᠠᠬᠤᠶᠢᠯᠠᠯ  ᠢ ᠭᠡᠷᠡᠴᠢᠯᠡᠯ ᠦᠨ ᠨᠦᠭᠡᠴᠠ ᠶᠢᠨ ᠭᠦᠮᠦᠷᠭᠡ ᠳᠦ ᠤᠷᠤᠭᠤᠯᠵᠤ᠂ ᠡᠨᠡ ᠵᠢᠯ 2 ᠠᠵᠤ ᠠᠬᠤᠶᠢᠯᠠᠯ  ᠤᠨ ᠭᠡᠷᠡᠴᠢᠯᠡᠯ ᠢ ᠪᠡᠶᠡᠯᠡᠭᠦᠯᠭᠦ ᠪᠣᠯᠣᠨ᠎ᠠ᠃
 
ᠢᠷᠡᠯᠲᠡ᠄ ᠠᠯᠠᠱᠠ ᠬᠠᠮ ᠵᠠᠭᠤᠴᠢᠯᠠᠭᠤᠷ ᠤᠨ ᠮᠤᠩᠭᠤᠯ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号