ᠯᠢᠦ ᠴᠦᠩ ᠰᠢᠶᠣᠣ ᠠᠯᠳᠠᠨᠴᠤᠭ ᠰᠤᠮᠤᠨ ᠳᠤ ᠬᠦᠷᠴᠦ ᠨᠠᠮ ᠤᠨ ᠠᠷᠪᠠᠨ ᠶᠢᠰᠤᠳᠤᠭᠡᠷ ᠬᠤᠭᠤᠴᠠᠭᠠᠨ ᠤ ᠵᠢᠷᠭᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ ᠤ ᠠᠷᠪᠠᠨ ᠨᠢᠭᠡᠳᠤᠭᠡᠷ ᠤᠳᠠᠭᠠᠨ ᠤ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠤᠬᠠᠭᠤᠯᠤᠨ ᠲᠠᠶᠢᠯᠪᠤᠷᠢᠯᠠᠪᠠ
ᠨᠡᠶᠢᠲᠡᠯᠡᠭᠰᠡᠨ ᠴᠠᠭ᠄
2021/12/22
     12 ᠰᠠᠷ᠎ᠠ ᠶᠢᠨ 17 ᠤ ᠡᠳᠤᠷ᠂  ᠬᠤᠰᠢᠭᠤᠨ ᠤ ᠨᠠᠮ ᠤᠨ ᠬᠤᠷᠢᠶᠠᠨ ᠤ ᠱᠦᠵᠢ ᠯᠢᠦ ᠴᠦᠩ ᠰᠢᠶᠣᠣ ᠠᠯᠳᠠᠨᠴᠤᠭ ᠰᠤᠮᠤᠨ ᠤ ᠬᠦᠬᠡᠨᠭᠤᠯᠡ ᠭᠠᠴᠠᠭᠠᠨ ᠳᠤ ᠬᠦᠷᠴᠤ᠂ ᠦᠨᠳᠤᠰᠤᠨ ᠱᠠᠳᠤᠨ ᠤ ᠺᠠᠳᠠᠷ ᠤᠯᠠᠨ ᠲᠦᠮᠡᠨ  ᠳᠤ ᠨᠠᠮ ᠤᠨ ᠠᠷᠪᠠᠨ ᠶᠢᠰᠤᠳᠤᠭᠡᠷ ᠬᠤᠭᠤᠴᠠᠭᠠᠨ ᠤ ᠵᠢᠷᠭᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ ᠤ ᠠᠷᠪᠠᠨ ᠨᠢᠭᠡᠳᠤᠭᠡᠷ ᠤᠳᠠᠭᠠᠨ ᠤ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ  ᠤᠨ ᠵᠤᠷᠢᠭ ᠰᠠᠨᠠᠭ᠎ᠠ ᠶᠢ ᠤᠬᠠᠭᠤᠯᠤᠨ  ᠲᠠᠶᠢᠯᠪᠤᠷᠢᠯᠡᠵᠡᠢ᠃ ᠲᠡᠷᠡ ᠴᠢᠬᠤᠯᠠᠴᠢᠯᠠᠭᠰᠠᠨ ᠨᠢ᠂ ᠰᠢᠨ᠎ᠡ ᠦᠵᠡᠯ ᠰᠠᠨᠠᠭ᠎ᠠ ᠶᠢ ᠤᠶᠢᠯᠭᠠᠵᠤ᠂ ᠰᠢᠨ᠎ᠡ ᠠᠶᠠᠨ ᠵᠠᠮ ᠳᠤ ᠤᠷᠤᠭᠰᠢᠯᠠᠨ ᠠᠮᠢ ᠠᠬᠤᠢ ᠶᠢ ᠲᠡᠷᠢᠬᠦᠨ ᠪᠠᠶᠢᠷᠢᠨ ᠳᠤ ᠲᠠᠯᠪᠢᠬᠤ᠂ ᠨᠤᠭᠤᠭᠠᠨ ᠭᠦᠭᠵᠢᠯᠳᠡ ᠪᠠᠷ ᠵᠢᠯᠤᠭᠤᠳᠤᠮᠤᠵᠢ ᠪᠤᠯᠭᠠᠬᠤ ᠴᠢᠨᠠᠷᠯᠢᠭ ᠭᠦᠭᠵᠢᠯᠳᠡ ᠶᠢᠨ ᠰᠢᠨ᠎ᠡ ᠵᠠᠮ ᠢ ᠭᠤᠶᠢᠪᠢᠰᠢ ᠦᠭᠡᠢ ᠪᠠᠷᠢᠮᠳᠠᠯᠠᠨ᠎ᠠ ᠭᠡᠰᠡᠨ ᠪᠠᠶᠢᠨ᠎ᠠ᠂  ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠬᠦᠨ᠂ ᠠᠯᠪᠠᠨ ᠭᠡᠷ ᠤᠨ ᠡᠷᠬᠢᠯᠡᠭᠴᠢ ᠸᠠᠩ ᠬᠤᠩ ᠵᠢᠢ ᠤᠷᠤᠯᠴᠠᠭᠰᠠᠨ ᠪᠠᠶᠢᠨ᠎ᠠ᠃      ᠯᠢᠦ ᠴᠦᠩ ᠰᠢᠶᠣᠣ ᠵᠢᠭᠠᠨ ᠭᠠᠷᠭᠠᠭᠰᠠᠨ ᠨᠢ᠂ ᠨᠠᠮ ᠤᠨ ᠠᠷᠪᠠᠨ ᠶᠢᠰᠤᠳᠤᠭᠡᠷ ᠬᠤᠭᠤᠴᠠᠭᠠᠨ ᠤ ᠵᠢᠷᠭᠤᠳᠤᠭᠠᠷ ᠪᠦᠭᠦᠳᠡ ᠬᠤᠷᠠᠯ ᠪᠤᠯ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠤᠨ ᠴᠢᠬᠤᠯᠡ ᠶᠡᠭᠡ ᠲᠡᠦᠬᠡᠨ ᠴᠠᠭ ᠦᠶ᠎ᠡ  ᠂ ᠨᠠᠮ ᠠᠴᠠ ᠠᠷᠠᠳ ᠲᠦᠮᠡᠨ ᠢ ᠤᠳᠤᠷᠢᠳᠴᠤ ᠨᠢᠭᠡᠳᠤᠭᠡᠷ ᠵᠠᠭᠤᠨ ᠵᠢᠯ ᠤᠨ ᠲᠡᠮᠡᠴᠡᠬᠦ ᠬᠠᠷᠠᠯᠳᠠ ᠶᠢ ᠪᠡᠶᠡᠯᠡᠬᠦᠯᠬᠦ᠂  ᠪᠦᠬᠦ ᠲᠠᠯ᠎ᠠ ᠪᠠᠷ ᠴᠢᠨᠡᠭᠡᠯᠢᠭ ᠨᠡᠶᠢᠭᠡᠮ ᠢ ᠪᠠᠶᠢᠭᠤᠯᠬᠤ᠂ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠳᠠ ᠶᠢ ᠪᠡᠶᠡᠯᠡᠬᠦᠯᠬᠦ ᠳᠤ ᠠᠯᠬᠤᠨ ᠤᠷᠤᠬᠤ ᠴᠢᠬᠤᠯᠡ ᠶᠡᠭᠡ ᠲᠡᠦᠬᠡᠨ ᠵᠠᠩᠬᠢᠯᠭ᠎ᠠ ᠳᠤ ᠬᠤᠷᠠᠯᠳᠤᠵᠤ᠂ ᠨᠠᠮ  ᠤᠨ ᠲᠡᠦᠬᠡᠨ ᠲᠡᠭᠡᠷ᠎ᠡ ᠲᠡᠦᠬᠡᠲᠦ ᠠᠴᠢ ᠬᠤᠯᠪᠣᠭᠳᠠᠯ ᠲᠠᠢ ᠬᠤᠷᠠᠯ ᠪᠤᠯᠤᠨ᠎ᠡ᠃ ᠨᠠᠮ ᠤᠨ ᠠᠷᠪᠠᠨ ᠶᠢᠰᠤᠳᠤᠭᠡᠷ ᠬᠤᠭᠤᠴᠠᠭᠠᠨ ᠤ ᠵᠢᠷᠭᠤᠳᠤᠭᠠᠷ ᠪᠦᠭᠦᠳᠡ ᠬᠤᠷᠠᠯ ᠤᠨ ᠴᠢᠬᠤᠯᠡ ᠤᠷᠤᠨ ᠲᠣᠭᠲᠠᠭᠠᠯᠲᠠ᠂ ᠴᠢᠬᠤᠯᠡ ᠶᠡᠭᠡ ᠠᠴᠢ ᠬᠤᠯᠪᠤᠭᠳᠠᠯ᠂ ᠪᠠᠶᠠᠯᠢᠭ ᠠᠭᠤᠯᠭ᠎ᠠ᠂ ᠭᠤᠣᠯ ᠰᠠᠨᠠᠭ᠎ᠠ ᠢ ᠬᠦᠨᠴᠡᠭᠡᠢ ᠤᠶᠢᠯᠭᠠᠵᠤ᠂ ᠦᠵᠡᠯ ᠰᠠᠨᠠᠭ᠎ᠠ ᠪᠠ ᠦᠢᠯᠡᠳᠤᠯᠭᠡ ᠪᠠᠨ ᠪᠦᠭᠦᠳᠡ ᠬᠤᠷᠠᠯ ᠤᠨ ᠵᠤᠷᠢᠭ ᠰᠠᠨᠠᠭ᠎ᠠ ᠳᠤ ᠨᠢᠭᠡᠳᠤᠵᠢᠬᠦᠯᠵᠤ᠂ ︽ᠬᠤᠶᠠᠷ ᠢ ᠲᠤᠭᠳᠠᠭᠠᠬᠤ︾  ᠶᠢ ᠡᠬᠦᠷᠢᠳᠡ ᠪᠠᠷᠢᠮᠳᠠᠯᠠᠨ ᠪᠠᠳᠤᠳᠬᠠᠵᠤ᠂  ︽ᠬᠤᠶᠠᠷ ᠢ ᠬᠠᠮᠠᠭᠠᠠᠯᠬᠤ︾ ᠶᠢ ᠵᠠᠪᠠᠯ ᠪᠡᠶᠡᠯᠡᠬᠦᠯᠤᠨ᠎ᠡ ᠭᠡᠰᠡᠨ ᠪᠠᠶᠢᠨ᠎ᠠ
     ᠯᠢᠦ ᠴᠦᠩ ᠰᠢᠶᠣᠣ ᠴᠢᠬᠤᠯᠠᠴᠢᠯᠠᠭᠰᠠᠨ ᠨᠢ᠂ ᠦᠪᠡᠷᠳᠡᠭᠡᠨ ᠵᠠᠰᠠᠬᠤ ᠤᠷᠤᠨ ᠤ ᠠᠷᠪᠠᠨ ᠨᠢᠭᠡᠳᠤᠭᠡᠷ ᠤᠳᠠᠭᠠᠨ ᠤ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ ᠨᠢ ᠢᠷᠡᠭᠡᠳᠤᠢ ᠶᠢᠨ ᠲᠠᠪᠤᠨ ᠵᠢᠯ ᠤᠨ ᠭᠦᠭᠵᠢᠯᠳᠡ ᠶᠢ ᠵᠢᠷᠤᠭᠯᠠᠵᠤ᠂ ︽ᠪᠦᠬᠦ ᠲᠠᠯ᠎ᠠ ᠪᠠᠷ ᠨᠡᠶᠢᠭᠡᠮ ᠵᠢᠷᠤᠮ ᠤᠨ ᠤᠳᠤᠬᠢᠴᠢᠯᠠᠭᠰᠠᠨ ᠤᠯᠤᠰ ᠢ ᠪᠦᠳᠤᠭᠡᠨ ᠪᠠᠶᠢᠭᠤᠯᠬᠤ ᠰᠢᠨ᠎ᠡ ᠵᠠᠮ ᠳᠤ ᠦᠪᠤᠷ ᠮᠤᠩᠭᠤᠯ ᠤᠨ ᠰᠢᠨ᠎ᠡ ᠬᠠᠭᠤᠳᠠᠰᠤ ᠶᠢ ᠪᠢᠴᠢᠭᠯᠡᠶ᠎ᠡ︾ ᠭᠡᠬᠦ  ᠠᠤᠭ᠎ᠠ ᠬᠠᠷᠯᠠᠳᠠ ᠶᠢ ᠲᠤᠳᠤᠷᠬᠠᠶᠢᠯᠡᠵᠡᠢ᠃ ᠪᠢᠳᠠᠨᠠᠷ ᠨᠠᠮ ᠤᠨ ᠲᠦᠯᠤᠭᠡᠯᠡᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ᠂ ᠠᠭᠤᠯᠭ᠎ᠠ ᠪᠠ ᠠᠴᠢ ᠬᠤᠯᠪᠤᠭᠳᠠᠯ ᠢ ᠬᠦᠢᠴᠡᠳ ᠤᠶᠢᠯᠭᠠᠵᠤ᠂ ᠠᠮᠢ ᠠᠬᠤᠢ ᠶᠢ ᠲᠡᠷᠢᠬᠦᠨ ᠪᠠᠶᠢᠷᠢᠨ ᠳᠤ ᠲᠠᠯᠪᠢᠬᠤ᠂ ᠨᠤᠭᠤᠭᠠᠨ ᠭᠦᠭᠵᠢᠯᠳᠡ ᠪᠠᠷ ᠵᠢᠯᠤᠭᠤᠳᠤᠮᠵᠢ ᠪᠣᠯᠭᠠᠨ ᠴᠢᠨᠠᠷᠯᠢᠭ ᠭᠦᠭᠵᠢᠯᠳᠡ ᠶᠢᠨ ᠰᠢᠨ᠎ᠡ ᠵᠠᠮ ᠢ ᠭᠤᠶᠢᠪᠢᠰᠢ ᠦᠭᠡᠢ ᠪᠠᠷᠢᠮᠳᠠᠯᠠᠵᠤ᠂ ᠠᠮᠢ ᠠᠬᠤᠢ ᠤᠨ ᠪᠦᠳᠤᠭᠡᠨ ᠪᠠᠶᠢᠭᠤᠯᠤᠯᠳᠡ ᠪᠠ ᠠᠵᠤ ᠦᠢᠯᠡᠰ ᠤᠨ ᠲᠤᠬᠢᠷᠠᠭᠤᠯᠤᠯᠳᠡ ᠳᠤ ᠰᠢᠨ᠎ᠡ ᠰᠦᠪᠡᠭᠴᠢᠯᠡᠯᠳᠡ ᠬᠢᠵᠤ᠂ ᠰᠢᠨ᠎ᠡ ᠰᠢᠪᠳᠤᠯᠤᠯᠳᠡ ᠶᠢ ᠪᠡᠶᠡᠯᠡᠬᠦᠯᠤᠨ᠎ᠡ  ᠃ ᠤᠳᠤ ᠪᠠᠶᠢᠭ᠎ᠠ ᠠᠵᠤ ᠦᠢᠯᠡᠰ ᠤᠨ ᠰᠠᠭᠤᠷᠢᠨ ᠳᠤ ᠪᠦᠬᠦ ᠤᠯᠤᠰ ᠲᠤ ᠨᠦᠯᠤᠭᠡᠯᠡᠬᠦ ᠬᠦᠴᠤᠨ ᠪᠦᠬᠦᠢ ᠪᠠ ᠲᠠᠸᠠᠷ ᠤᠨ ᠨᠡᠷᠡᠳᠤ ᠲᠡᠮᠳᠡᠭ ᠪᠦᠬᠦᠢ ᠢᠩᠭᠡᠨ ᠰᠦ ᠶᠢᠨ ᠠᠵᠤ ᠦᠢᠯᠡᠰ ᠢ ᠦᠢᠯᠡᠳᠪᠦᠷᠢᠯᠡᠨ ᠪᠤᠯᠪᠠᠰᠤᠷᠠᠭᠤᠯᠬᠤ ᠲᠦᠪ᠂ ᠪᠠᠶᠢᠭᠠᠯᠢᠭ ᠬᠤᠵᠢᠷ ᠢ ᠦᠢᠯᠡᠳᠪᠦᠷᠢᠯᠡᠨ ᠪᠤᠯᠪᠠᠰᠤᠷᠠᠭᠤᠯᠵᠤ ᠪᠤᠷᠤᠯᠠᠭᠤᠯᠬᠤ ᠲᠦᠪ ᠪᠠ ᠡᠯᠡᠰᠤᠨ ᠤ ᠵᠢᠭᠤᠯᠴᠢᠯᠠᠯ ᠤᠨ ᠲᠦᠪᠯᠡᠷᠡᠬᠦᠯᠤᠨ ᠲᠠᠷᠬᠠᠭᠠᠬᠤ ᠲᠦᠪ ᠢ ᠴᠢᠷᠮᠠᠶᠢᠨ ᠪᠠᠶᠢᠭᠤᠯᠵᠤ᠂ ᠦᠪᠡᠷᠳᠡᠭᠡᠨ ᠵᠠᠰᠠᠬᠤ ᠤᠷᠤᠨ ᠤ ᠠᠷᠪᠠᠨ ᠨᠢᠭᠡᠳᠤᠭᠡᠷ ᠤᠳᠠᠭᠠᠨ ᠤ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠤᠭᠳᠠᠭᠰᠠᠨ ᠡᠯ᠎ᠡ ᠲᠦᠷᠤᠯ ᠤᠨ ᠡᠬᠦᠷᠭᠡ ᠠᠯᠠᠱᠠ ᠪᠠᠷᠠᠭᠤᠨ ᠬᠤᠰᠢᠭᠤᠨ  ᠳᠤ ᠪᠤᠳᠠᠳᠠᠢ ᠨᠠᠶᠢᠳᠠᠪᠤᠷᠢᠵᠢᠵᠤ ᠦᠷ᠎ᠡ ᠪᠦᠳᠤᠮᠵᠢ ᠤᠯᠬᠤ ᠶᠢ ᠠᠬᠢᠭᠤᠯᠤᠨ᠎ᠡ ᠭᠡᠰᠡᠨ ᠪᠠᠶᠢᠨ᠎ᠠ  ᠃
     ᠯᠢᠦ ᠴᠦᠩ ᠰᠢᠶᠣᠣ ᠴᠢᠬᠤᠯᠡᠴᠢᠯᠠᠭᠰᠠᠨ ᠨᠢ᠂ ᠠᠯᠳᠠᠨᠴᠤᠭ ᠰᠤᠮᠤ ᠡᠯ᠎ᠡ ᠦᠨᠳᠤᠰᠤᠳᠡᠨ ᠤ ᠤᠯᠠᠨ ᠲᠦᠮᠡᠨ  ᠢ ᠪᠦᠯᠬᠦᠮᠳᠡᠭᠦᠯᠦᠨ ᠲᠠᠭᠠᠭᠤᠯᠵᠤ᠂ ᠨᠠᠮ ᠤᠨ ᠠᠷᠪᠠᠨ ᠶᠢᠰᠤᠳᠤᠭᠡᠷ ᠬᠤᠭᠤᠴᠠᠭᠠᠨ ᠤ ᠵᠢᠷᠭᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ ᠤ ᠠᠷᠪᠠᠨ ᠨᠢᠭᠡᠳᠤᠭᠡᠷ ᠤᠳᠠᠭᠠᠨ ᠤ ᠨᠠᠮ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠤᠶᠢᠯᠭᠠᠵᠤ᠂ ᠲᠠᠪᠠᠭᠤᠯᠢᠭ ᠲᠠᠯ᠎ᠠ ᠳᠠᠭᠠᠨ ᠰᠠᠭᠤᠷᠢᠯᠠᠵᠤ ᠤᠨᠴᠠᠯᠢᠭᠳᠤ ᠠᠵᠤ ᠦᠯᠡᠰ ᠢ ᠦᠨᠳᠤᠷ ᠵᠡᠷᠭᠡᠯᠡᠯ᠂ ᠨᠡᠷ᠎ᠡ ᠲᠡᠮᠳᠡᠭᠵᠢᠯᠲᠡ ᠲᠡᠰᠢ ᠬᠦᠭᠵᠢᠬᠦᠯᠤᠨ᠎ᠡ᠃ ᠴᠡᠷᠢᠭ ᠠᠩᠭᠢ ᠪᠠ ᠰᠠᠭᠤᠭ᠎ᠠ ᠭᠠᠵᠠᠷ ᠶᠢᠨ ᠬᠠᠷᠢᠯᠴᠠᠭ᠎ᠠ ᠶᠢ ᠨᠢᠭ᠌ᠳᠡ ᠠᠩᠬᠠᠷᠴᠤ᠂ ᠬᠦᠷᠰᠢ ᠵᠡᠷᠭᠡᠯᠳᠡᠭᠡ ᠭᠠᠵᠠᠷ ᠤᠷᠤᠨ ᠤ ᠨᠦᠬᠦᠷᠰᠡᠭ ᠶᠠᠪᠤᠯᠴᠠᠭ᠎ᠠ ᠶᠢ ᠬᠦᠨᠵᠡᠭᠡᠷᠡᠶᠢᠬᠦᠯᠵᠤ᠂ ᠤᠮᠠᠷᠠᠳᠤ ᠬᠢᠯᠢ ᠶᠢᠨ ᠠᠮᠤᠷ ᠲᠦᠪᠰᠢᠨ ᠤ ᠬᠠᠯᠬᠠᠪᠴᠢ ᠶᠢ ᠬᠠᠮᠳᠤᠪᠡᠷ ᠪᠠᠳᠤᠳᠬᠠᠨ᠎ᠠ᠃ ᠰᠤᠮᠤ ᠭᠠᠴᠠᠭᠠᠨ ᠤ ᠵᠠᠰᠠᠯᠲᠠ ᠪᠠ ᠦᠢᠯᠡᠴᠢᠯᠡᠭᠡᠨ ᠤ ᠰᠢᠰᠲ᠋ᠧᠮ ᠤᠨ ᠪᠦᠳᠤᠭᠡᠨ ᠪᠠᠶᠢᠭᠤᠯᠤᠯᠳᠡ ᠶᠢ ᠦᠷᠬᠦᠯᠵᠢᠯᠡᠨ ᠴᠢᠩᠭᠠᠳᠬᠠᠵᠤ᠂ ᠪᠦᠬᠦ ᠲᠠᠯ᠎ᠠ ᠪᠠᠷ ᠨᠡᠶᠢᠭᠡᠮ ᠤᠨ ᠵᠠᠰᠠᠬᠤ ᠴᠢᠳᠠᠪᠦᠷᠢ  ᠶᠢ ᠲᠡᠭᠡᠭᠰᠢᠯᠡᠬᠦᠯᠤᠨ᠎ᠡ᠃ ᠲᠤᠮᠳᠠᠳᠤ ᠶᠢᠨ ᠦᠨᠳᠤᠰᠤᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤᠳᠬᠠᠬᠤ  ᠪᠠᠷ ᠭᠤᠤᠯ ᠱᠤᠭᠤᠮ ᠪᠤᠯᠭᠠᠵᠤ᠂  ᠬᠠᠮᠳᠤᠪᠡᠷ ᠪᠦᠯᠬᠦᠮᠳᠡᠨ ᠲᠠᠮᠡᠴᠡᠵᠤ᠂ ᠬᠠᠮᠳᠤᠪᠡᠷ ᠭᠦᠭᠵᠢᠨ ᠪᠤᠵᠠᠭᠠᠶᠢᠷᠠᠵᠤ᠂ ᠬᠠᠮᠳᠤᠪᠡᠷ ᠰᠠᠶᠢᠨ ᠰᠠᠶᠢᠬᠠᠨ ᠭᠡᠷ ᠤᠷᠤᠨ ᠢᠶᠠᠨ ᠪᠦᠳᠤᠭᠡᠨ ᠪᠠᠶᠢᠭᠤᠯᠤᠨ᠎ᠡ᠃ ᠮᠠᠯᠵᠢᠬᠤ ᠲᠠᠷᠶᠠᠯᠠᠬᠤ ᠤᠷᠤᠨ ᠤ ᠨᠠᠮ  ᠤᠨ ᠪᠠᠶᠢᠭᠤᠯᠤᠯᠳᠡ ᠶᠢᠨ ᠠᠵᠢᠯ ᠢ ᠪᠦᠬᠦ ᠲᠠᠯ᠎ᠠ ᠪᠠᠷ ᠴᠢᠩᠭᠠᠳᠬᠠᠵᠤ᠂  ᠨᠠᠮ ᠤᠨ ᠡᠬᠦᠷ ᠤᠨ ᠲᠠᠶᠢᠴᠢᠨ ᠪᠠᠬᠢᠯᠡᠯᠳᠡ  ᠶᠢᠨ ᠦᠢᠯᠡᠳᠤᠯ ᠪᠠ ᠨᠠᠮ ᠤᠨ ᠭᠡᠰᠢᠬᠦᠨ ᠤ ᠵᠢᠱᠢᠶᠡᠴᠢ ᠲᠠᠭᠤᠷᠢᠶᠠᠯ ᠤᠨ ᠦᠵᠡᠭᠦᠯᠬᠦ ᠦᠢᠯᠡᠳᠤᠯ ᠢ ᠬᠦᠢᠴᠡᠳ ᠪᠠᠳᠠᠷᠠᠭᠤᠯᠵᠤ᠂ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠤᠷᠤᠯᠭ᠎ᠠ ᠶᠢᠨ ᠨᠡᠮᠡᠭᠳᠡᠯ ᠳᠤ ᠬᠦᠴᠤᠯᠡᠨ᠎ᠡ ᠭᠡᠰᠡᠨ ᠪᠠᠶᠢᠨ᠎ᠠ᠃
 
ᠢᠷᠡᠯᠲᠡ᠄ ᠠᠯᠠᠱᠠ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号